ᠰᠠᠷ᠎ᠠ ᠰᠢᠨ᠎ᠡ ᠶ᠋ᠢᠨ ᠪᠠᠶᠠᠷ ᠤᠨ ᠡᠮᠦᠨᠡᠬᠢ ᠡᠳᠦᠷ ᠤᠳ ᠲᠦ ᠵᠠᠮ ᠤᠨ ᠬᠥᠳᠡᠯᠭᠡᠭᠡᠨ ᠦ ᠠᠴᠢᠭᠤᠯᠤᠯᠠ ᠡᠷᠡᠰ ᠨᠡᠮᠡᠭᠳᠡᠵᠦ᠂ ᠲᠦᠭᠵᠢᠷᠡᠯ ᠶᠡᠬᠡᠰᠳᠡᠭ ᠤᠴᠢᠷ ᠠᠴᠠ ᠡᠨᠡ ᠰᠠᠷ᠎ᠠ ᠶ᠋ᠢᠨ 22-27 ᠤ ᠡᠳᠦᠷ ᠤᠳ ᠲᠦ ᠲᠡᠭᠰᠢ᠂ ᠰᠣᠨᠳᠣᠭᠣᠢ ᠳ᠋ᠤᠭᠠᠷ ᠢᠶᠠᠷ ᠵᠣᠷᠴᠢᠬᠤ ᠪᠠᠷ ᠪᠣᠯᠵᠠᠢ᠃ ᠵᠠᠮ ᠤᠨ ᠬᠥᠳᠡᠯᠭᠡᠭᠡᠨ ᠦ ᠰᠠᠨᠠᠯ ᠠᠰᠠᠭᠤᠯᠭ᠎ᠠ ᠳ᠋ᠤ ᠣᠷᠣᠯᠴᠠᠭᠰᠠᠨ ᠢᠷᠭᠡᠳ ᠤᠨ ᠣᠯᠠᠨ ᠬᠥᠮᠥᠨ ᠨᠢ ᠡᠨᠡᠬᠦ ᠭᠠᠷᠭᠠᠯᠭ᠎ᠠ ᠶ᠋ᠢ ᠳᠠᠮᠵᠢᠭ᠌ᠰᠠᠨ ᠪᠠᠢᠨ᠎ᠠ᠃