ᠠᠭᠢᠮ᠎ᠠ ᠪᠠᠭ᠌ᠰᠢ ᠠᠩᠭ᠍ᠯᠢ ᠬᠡᠯᠡᠨ ᠤ ᠣᠯᠠᠨ ᠤᠯᠤᠰ ᠤᠨ ᠤᠷᠤᠯᠳᠤᠭᠠᠨ ᠠᠴᠠ ᠬᠦᠷᠡᠯ ᠮᠧᠳᠠᠯ ᠬᠦᠷᠲᠡᠵᠡᠢ | News.MN

ᠠᠭᠢᠮ᠎ᠠ ᠪᠠᠭ᠌ᠰᠢ ᠠᠩᠭ᠍ᠯᠢ ᠬᠡᠯᠡᠨ ᠤ ᠣᠯᠠᠨ ᠤᠯᠤᠰ ᠤᠨ ᠤᠷᠤᠯᠳᠤᠭᠠᠨ ᠠᠴᠠ ᠬᠦᠷᠡᠯ ᠮᠧᠳᠠᠯ ᠬᠦᠷᠲᠡᠵᠡᠢ

ᠠᠩᠭ᠍ᠯᠢ ᠶᠢᠨ《Pearson》ᠣᠯᠠᠨ ᠤᠯᠤᠰ ᠤᠨ ᠪᠣᠯᠪᠠᠰᠤᠷᠠᠯ ᠤᠨ ᠪᠠᠢᠭᠤᠯᠤᠯᠭ᠎ᠠ ᠠᠴᠠ ᠦᠨᠭᠭᠡᠷᠡᠭ᠍ᠰᠡᠠ ᠣᠨ ᠤ 11 ᠳ᠋ᠤᠭᠡᠷ ᠰᠠᠷ᠎ᠠ ᠳᠤ ᠠᠩᠭ᠍ᠯᠢ ᠬᠡᠯᠡᠨ ᠤ ᠰᠢᠯᠢᠳᠡᠭ ᠪᠠᠭ᠌ᠰᠢ ᠨᠠᠷ ᠢ ᠰᠢᠯᠭᠠᠷᠠᠭᠤᠯᠬᠤ《Teacher Awards – 2024 》ᠤᠷᠤᠯᠳᠤᠭᠠᠨ ᠵᠣᠬᠢᠶᠠᠨ ᠪᠠᠢᠭᠤᠯᠵᠤ᠂ ᠲᠠᠪᠤᠨ ᠲᠥᠷᠥᠯ ᠳᠤ ᠡᠬᠢᠨ ᠤ ᠭᠤᠷᠪᠠᠨ ᠪᠠᠢᠷᠢ ᠶᠢ ᠲᠣᠳᠤᠷᠠᠭᠤᠯᠤᠭᠰᠠᠨ ᠪᠢᠯᠡ᠃ ᠡᠭᠦᠨ ᠠᠴᠠ ᠵᠠᠯᠠᠭᠤ ᠪᠠᠭ᠌ᠰᠢ ᠨᠠᠷ ᠤᠨ ᠲᠥᠷᠥᠯ ᠳᠤ ᠡᠮᠦᠨᠡᠭᠤᠪᠢ ᠠᠢᠮᠠᠭ ᠤᠨ ᠬᠠᠨ ᠪᠣᠭᠳᠠ ᠬᠣᠶᠠᠳᠤᠭᠠᠷ ᠰᠤᠷᠭᠠᠭᠤᠯᠢ ᠶᠢᠨ ᠪᠠᠭ᠌ᠰᠢ  ᠰ∙ ᠠᠭᠢᠮ᠎ᠠ ᠭᠤᠷᠪᠠᠳᠤᠭᠠᠷ ᠪᠠᠢᠷᠢ ᠡᠵᠡᠯᠡᠵᠦ᠂ ᠥᠴᠥᠭᠡᠳᠦᠷ ᠮᠣᠩᠭᠣᠯ ᠤᠯᠤᠰ ᠲᠤ ᠰᠠᠭᠤᠭ᠎ᠠ ᠠᠩᠭ᠍ᠯᠢ ᠶᠢᠨ ᠡᠯᠴᠢᠨ ᠰᠠᠢᠳ ᠤᠨ ᠶᠠᠮᠤᠨ ᠠᠴᠠ ᠱᠠᠩᠨᠠᠯ ᠢᠶᠠᠨ ᠭᠠᠷᠳᠠᠵᠤ ᠠᠪᠴᠠᠢ ᠃

ᠲᠡᠭᠦᠨ ᠳᠤ《Pearson》ᠪᠠᠢᠭᠤᠯᠤᠯᠭ᠎ᠠ ᠶᠢᠨ ᠮᠣᠩᠭᠣᠯ ᠳ᠋ᠡᠬᠢ ᠲᠥᠯᠥᠭᠡᠯᠡᠭ᠍ᠴᠢ ᠶᠢᠨ ᠭᠠᠵᠠᠷ ᠠᠴᠠ ᠨᠢᠭᠡ ᠰᠠᠶ᠎ᠠ ᠲᠥᠭᠥᠷᠢᠭ ᠪᠤᠯᠦᠠ  ᠨᠢᠦ᠋  ᠶᠤᠷᠺ ᠬᠣᠲᠠ ᠶᠢᠨ《ᠬᠠᠨᠲ᠋ᠧᠷ》ᠰᠤᠷᠭᠠᠭᠤᠯᠢ ᠳᠤ ᠠᠩᠭ᠍ᠯᠢ ᠬᠡᠯᠡᠨ ᠤ ᠪᠠᠭ᠌ᠰᠢ ᠶᠢᠨ ᠰᠤᠷᠭᠠᠯᠲᠠ ᠳᠤ ᠬᠠᠮᠤᠷᠤᠭᠳᠠᠬᠤ 300 ᠳ᠋ᠣᠯᠯᠠᠷ ᠤᠨ  ᠡᠷᠬᠡ ᠥᠭ᠍ᠭᠦᠭ᠍ᠰᠡᠨ ᠪᠠᠢᠨ᠎ᠠ᠃

ᠰᠡᠳᠬᠢᠭᠳᠡᠯ ᠦᠯᠡᠳᠡᠭᠡᠬᠦ