ᠮᠣᠩᠭᠣᠯ ᠤᠯᠤᠰ ᠤ᠋ᠨ ᠶᠡᠷᠦᠩᢈᠡᠶᠢᠯᠡᢉᠴᠢ ᠤᠬᠤᠨᠠ ᠶ᠋ᠢᠨ ᢈᠦᠷᠡᠯᠰᠦᢈᠡ ᠶ᠋ᠢᠨ ᠤᠷᠢᠯᠭᠠ ᠪᠠᠷ ᠶᠠᠫᠣᠨ᠋ ᠤᠯᠤᠰ ᠤ᠋ᠨ ᠑᠒᠖ ᠳ᠋ᠠᢈᠢ ᠴᠣᠭ ᠵᠢᠪᠬᠤᠯᠠᠩᠲᠤ ᠡᠵᠡᠨ ᠬᠠᠭᠠᠨ ᠨᠠᠷᠦ᠋ᢈᠢᠲ᠋ᠣ᠂ᠡᠷᢈᠢᠮ ᠳᠡᢉᠡᠳᠦ ᠬᠠᠲᠤᠨ ᠮᠠᠰᠠᠻᠣ ᠨᠠᠷ ᠮᠣᠩᠭᠣᠯ ᠤᠯᠤᠰ ᠲᠤ ᠒᠐᠒᠕ ᠣᠨ ᠤ᠋ ᠐᠗ ᠳ᠋᠋ᠤᠭᠠᠷ ᠰᠠᠷᠠ ᠶ᠋ᠢᠨ ᠡᢈᠢ ᠪᠡᠷ ᠲᠥᠷᠦ ᠶ᠋ᠢᠨ ᠠᠶᠢᠯᠴᠢᠯᠠᠯ ᢈᠢᢈᠦ ᠪᠡᠷ ᠲᠥᠯᠦᠪᠯᠡᠵᠡᠢ᠃ ᠡᠨᠡ ᠨᠢ ᠲᠤᠰ ᠬᠣᠶᠠᠷ ᠡᠷᢈᠢᠮ ᠦ᠋ᠨ ᠮᠣᠩᠭᠣᠯ ᠤᠯᠤᠰ ᠲᠤ ᢈᠢᢈᠦ ᠠᠩᠬᠠᠨ ᠤ᠋ ᠲᠥᠷᠦ ᠶ᠋ᠢᠨ ᠠᠶᠢᠯᠴᠢᠯᠠᠯ ᠶᠤᠮ᠃ ᠡᠨᠡ ᢈᠦ ᠠᠶᠢᠯᠴᠢᠯᠠᠯ ᠤ᠋ᠨ ᢈᠦᠷᠢᠶᠡᠨ ᠳ᠋ᠦ ᠠᠷᠠᠳᠴᠢᠯᠠᠯ ᠤ᠋ᠨ ᠨᠡᠶᠢᠲᠡᠯᠢᢉ ᠦᠨᠡᠲᠦ ᠵᠦᠢᠯᠡᠰ ᠪᠦᢈᠦᠢ ᠮᠣᠩᠭᠣᠯ ᠤᠯᠤᠰ᠂ ᠶᠠᠫᠤᠨ ᠤᠯᠤᠰ ᠤ᠋ᠨ “ᠡᠩᢈᠡ ᠲᠠᠶᠢᠪᠤᠩ᠂ ᢈᠥᢉᠵᠢᠯ ᠴᠡᠴᠡᢉᠯᠡᠯᠲᠡ ᠶ᠋ᠢᠨ ᠲᠥᠯᠦᢉᠡᢈᠦ ᠲᠤᠰᠬᠠᠢ ᠰᠲ᠋ᠷᠠᠲ᠋ᠧᢉᠢ ᠶ᠋ᠢᠨ ᠲᠦᠩᠰᠢᠯᠡᠯ”-ᠡᠶᠢᢉᠡ ᢉᠦᠨᠵᠡᢉᠡᠶᠢᠷᠡᢉᠦᠯᠵᠦ᠂ “ᢈᠦᠮᠦᠨ ᠲᠥᠪ ᠲᠡᠢ” ᠬᠠᠷᠢᠯᠴᠠᠭᠠ᠂ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᢈᠦ ᠳ᠋ᠦ ᠦᠨᠡᠲᠡᠢ ᠬᠤᠪᠢ ᠨᠡᠮᠡᠷᠢ ᠣᠷᠤᠭᠤᠯᠬᠤ ᠲᠡᠦᢈᠡᠨ ᠠᠴᠢ ᠬᠣᠯᠪᠤᠭᠳᠠᠯ ᠲᠠᠢ ᠶᠤᠮ᠃