ᠡᠷᠡᢉᠦᠯ ᠮᠡᠨᠳᠦ ᠶ᠋ᠢᠨ ᠳᠠᠭᠠᠳᠬᠠᠯ ᠤ᠋ᠨ ᠰᠢᠮᠡᠳᢈᠡᠯ ᠑᠐᠐ ᠮᠢᠩᠭ᠎ᠠ ᠭᠠᠷᠤᠢ ᠲᠥᢉᠦᠷᠢᢉ ᠢ᠋ᠶᠡᠷ ᠥᠰᠴᠡᠢ | News.MN

ᠡᠷᠡᢉᠦᠯ ᠮᠡᠨᠳᠦ ᠶ᠋ᠢᠨ ᠳᠠᠭᠠᠳᠬᠠᠯ ᠤ᠋ᠨ ᠰᠢᠮᠡᠳᢈᠡᠯ ᠑᠐᠐ ᠮᠢᠩᠭ᠎ᠠ ᠭᠠᠷᠤᠢ ᠲᠥᢉᠦᠷᠢᢉ ᠢ᠋ᠶᠡᠷ ᠥᠰᠴᠡᠢ

ᠡᠷᠡᢉᠦᠯ ᠮᠡᠨᠳᠦ ᠶ᠋ᠢᠨ ᠳᠠᠭᠠᠳᠬᠠᠯ ᠤ᠋ᠨ /ᠡᠮ ᠳ᠋ᠦ/ ᠰᠢᠮᠡᠳᢈᠡᠯ ᠢ᠋ ᠡᠨᠡ ᠵᠢᠯ ᠳ᠋ᠦ ᠨᠡᠶᠢᠲᠡ ᠑᠘᠒᠑᠖᠐ ᠲᠥᢉᠦᠷᠢᢉ ᠪᠠᠶᠢᠬᠤ ᠪᠠᠷ ᠲᠣᠭᠲᠠᠵᠡᠢ᠃  ᠡᠨᠡ ᠨᠢ ᠢᠷᢉᠡᠳ ᠰᠠᠷ᠎ᠠ ᠲᠤᠲᠤᠮ ᠳ᠋ᠤ ᠑᠕᠑᠘᠐ ᠲᠥᢉᠦᠷᠢᢉ ᠲᠥᠯᠦᠨ᠎ᠡ ᢉᠡᠰᠡᠨ ᠦᢉᠡ ᠪᠥᢉᠡᠳ ᠡᠮᠦᠨᠡᢈᠢ ᠣᠨᠤ ᠲᠠᠢ ᠬᠠᠷᠢᠴᠠᠭᠤᠯᠬᠤ ᠳ᠋ᠤ ᠑᠐᠒᠙᠖᠐ ᠲᠥᢉᠦᠷᠢᢉ ᠢ᠋ᠶᠡᠷ ᠥᠰᠦᢉᠰᠡᠨ ᠪᠠᠶᠢᠨ᠎ᠠ᠃  ᠡᠮ ᠳ᠋ᠦ- ᠤ᠋ᠨ ᠰᠢᠮᠡᠳᢈᠡᠯ ᠢ᠋ ᠬᠤᠪᠢ ᢈᠡᠮᠵᠢᠶ᠎ᠡ ᠶ᠋ᠢ ᠲᠤᠬᠠᠢ ᠶ᠋ᠢᠨ ᠵᠢᠯ ᠦ᠋ᠨ ᢈᠥᠳᠡᠯᠮᠦᠷᠢ ᠶ᠋ᠢᠨ ᢈᠥᠯᠦᠰᠦᠨ ᠦ᠋ ᠳᠣᠭᠤᠳᠤ ᢈᠡᠮᠵᠢᠶ᠎ᠡ ᠲᠡᠢ ᠤᠶᠠᠯᠳᠤᠭᠤᠯᠤᠨ ᠰᠢᠨᠡᠴᠢᠯᠡᠨ ᠪᠠᠲᠤᠯᠠᠳᠠᠭ᠃  ᠡᠶᠢᠮᠦ ᠳ᠋ᠦ ᠡᠨᠡ ᠣᠨ ᠤ᠋ ᢈᠥᠳᠡᠯᠮᠦᠷᠢ ᠶ᠋ᠢᠨ ᢈᠥᠯᠦᠰᠦᠨ ᠦ᠋ ᠳᠣᠭᠤᠳᠤ ᢈᠡᠮᠵᠢᠶᠡᠨ ᠦ᠋ ᠬᠣᠶᠠᠷ ᠬᠤᠪᠢ ᠪᠠᠷ ᠲᠣᠭᠠᠴᠠᠵᠤ ᠲᠥᠯᠦᢈᠦ ᠪᠡᠷ ᠵᠣᢈᠢᠴᠠᠭᠤᠯᠵᠡᠢ᠃

 

ᠰᠡᠳᠬᠢᠭᠳᠡᠯ ᠦᠯᠡᠳᠡᠭᠡᠬᠦ