ᠣᠯᠠᠨ ᠤᠯᠤᠰ ᠤᠨ ᠰᠠᠩᠬᠦᠦ ᠶᠢᠨ ᠻᠣᠷᠫᠣᠷᠠᠼ ᠮᠣᠩᠭᠣᠯ ᠳᠤ ᠰᠢᠨ᠎ᠡ ᠲᠥᠯᠦᠭᠡᠯᠡᠭ᠍ᠴᠢ ᠲᠣᠮᠢᠯᠠᠯ᠎ᠠ | News.MN

ᠣᠯᠠᠨ ᠤᠯᠤᠰ ᠤᠨ ᠰᠠᠩᠬᠦᠦ ᠶᠢᠨ ᠻᠣᠷᠫᠣᠷᠠᠼ ᠮᠣᠩᠭᠣᠯ ᠳᠤ ᠰᠢᠨ᠎ᠡ ᠲᠥᠯᠦᠭᠡᠯᠡᠭ᠍ᠴᠢ ᠲᠣᠮᠢᠯᠠᠯ᠎ᠠ

ᠳᠡᠯᠡᠬᠡᠢ ᠶᠢᠨ ᠪᠠᠩᠬᠢ ᠭᠷᠦ᠋ᠫ ᠦᠨ ᠭᠡᠰᠢᠭᠦᠨ ᠣᠯᠠᠨ ᠤᠯᠤᠰ ᠤᠨ ᠰᠠᠩᠬᠦᠦ ᠶᠢᠨ ᠻᠣᠷᠫᠣᠷᠠᠼ ᠤᠨ ᠮᠣᠩᠭᠣᠯ ᠳ᠋ᠡᠬᠢ ᠰᠠᠭᠤᠷᠢᠨ ᠲᠥᠯᠥᠭᠡᠯᠡᠭ᠍ᠴᠢ ᠪᠡᠷ  ᠮᠠᠲ᠋ᠢᠦ ᠯᠦ᠋ ᠪᠯᠡᠨ ᠲᠤᠮᠢᠯᠠᠭᠳᠠᠯ᠎ᠠ᠃ ᠲᠡᠷᠡ ᠪᠡᠷ ᠮᠣᠩᠭᠣᠯ ᠲᠡᠳᠦᠢ ᠦᠭᠡᠢ᠂ ᠲᠥᠪ ᠠᠽᠢᠶ᠎ᠠ ᠂ ᠺᠠᠦᠺᠰ᠂ ᠲᠥᠪ ᠡᠸᠦ᠋ᠷᠦᠫᠡ ᠶᠢᠨ ᠣᠷᠣᠨ ᠨᠤᠭᠤᠳ ᠲᠤ 25 ᠵᠢᠯ ᠦᠨ ᠲᠤᠷᠰᠢ ᠬᠤᠪᠢ ᠶᠢᠨ ᠬᠡᠪᠰᠢᠯ ᠂ ᠳᠡᠳ᠋ ᠪᠦᠲᠦᠴᠡ ᠶᠢᠨ ᠬᠥᠭ᠍ᠵᠢᠯ ᠤᠨ ᠰᠠᠩᠬᠦᠦᠵᠢᠯᠲᠡ ᠴᠢᠭ᠍ᠯᠡᠯ ᠢᠶᠡᠷ ᠠᠵᠢᠯᠯᠠᠭᠰᠠᠨ ᠲᠤᠷᠰᠢᠯᠭ᠎ᠠ ᠲᠠᠢ ᠃

ᠮᠠᠲ᠋ᠢᠦ ᠯᠦ᠋ ᠪᠯᠡᠨ ᠡᠨᠡ ᠠᠯᠪᠠᠨ ᠳᠤ ᠲᠣᠮᠢᠯᠠᠭᠳᠠᠬᠤ ᠶᠢᠨ ᠡᠮᠦᠨ᠎ᠡ ᠨᠠᠷᠠᠨ ᠤ ᠬᠠᠯᠠᠭᠠᠭᠤᠷ ᠂ ᠡᠷᠴᠢᠮ ᠬᠦᠴᠦᠨ ᠤ ᠦᠷ᠎ᠡ ᠠᠰᠢᠭ ᠢ ᠨᠡᠮᠡᠭ᠍ᠳᠡᠭᠦᠯᠬᠦ ᠲᠥᠰᠥᠯ ᠪᠦᠬᠦᠢ《Global Green Growth Institute》ᠣᠯᠠᠨ ᠤᠯᠤᠰ ᠤᠨ ᠪᠠᠢᠭᠤᠯᠤᠯᠭ᠎ᠠ ᠶᠢᠨ ᠮᠣᠩᠭᠣᠯ ᠳ᠋ᠡᠬᠢ ᠲᠥᠯᠥᠭᠡᠯᠡᠭ᠍ᠴᠢ ᠪᠡᠷ ᠠᠵᠢᠯᠯᠠᠵᠤ ᠪᠠᠢᠪᠠ ᠃ ᠮᠦᠨ ᠡᠸᠦ᠋ᠷᠦᠫᠡ ᠶᠢᠨ ᠰᠡᠷᠭᠦᠭᠡᠨ ᠪᠣᠰᠬᠠᠯᠲᠠ ᠂ ᠬᠥᠭ᠍ᠵᠢᠯ ᠤᠨ ᠪᠠᠩᠬᠢᠨ ᠦ ᠮᠣᠩᠭᠣᠯ ᠳ᠋ᠡᠬᠢ ᠲᠥᠯᠥᠭᠡᠯᠡᠭ᠍ᠴᠢ ᠶᠢᠨ ᠠᠯᠪᠠ ᠬᠠᠰᠢᠵᠤ ᠪᠠᠶᠢᠪᠠ᠃ ᠲᠡᠷᠡ ᠪᠡᠷ ᠰᠢᠨ᠎ᠡ ᠡᠭᠦᠷᠭᠡᠲᠦ ᠠᠵᠢᠯ ᠢᠶᠠᠨ ᠠᠪᠤᠭᠠᠳ᠄ ᠮᠣᠩᠭᠣᠯ ᠤᠨ ᠲᠣᠭᠲᠠᠪᠤᠷᠢᠲᠠᠶ ᠬᠥᠭ᠍ᠵᠢᠯ᠂ ᠡᠳ᠋ ᠦᠨ ᠵᠠᠰᠠᠭ ᠤᠨ ᠣᠯᠠᠨ ᠲᠥᠷᠥᠯ ᠢ ᠳᠡᠮᠵᠢᠬᠦ ᠂ ᠰᠢᠨ᠎ᠡ ᠠᠵᠢᠯ ᠤᠨ ᠪᠠᠢᠢᠷᠢ ᠪᠤᠢ ᠪᠣᠯᠭᠠᠬᠤ ᠳᠤ ᠵᠥᠪᠯᠡᠬᠦ ᠂ ᠬᠥᠷᠥᠩᠭᠡ ᠣᠷᠣᠭᠤᠯᠬᠤ ᠬᠥᠲᠥᠯᠪᠦᠷᠢ ᠬᠠᠮᠲᠤᠷᠠᠨ ᠬᠡᠷᠡᠭ᠍ᠵᠢᠭᠦᠯᠬᠦ ᠳᠤ ᠠᠩᠬᠠᠷᠴᠤ ᠠᠵᠢᠯᠯᠠᠨ᠎ᠠ ᠭᠡᠵᠡᠢ ᠃

ᠰᠡᠳᠬᠢᠭᠳᠡᠯ ᠦᠯᠡᠳᠡᠭᠡᠬᠦ