ᠦᠨᠳᠦᠰᠦᠨ ᠤ ᠰᠲ᠋ᠠᠲ᠋ᠢᠰᠲ᠋ᠢᠺ ᠤᠨ ᠬᠣᠷᠢᠶᠠᠨ ᠤ ᠮᠡᠳᠡᠭᠡᠯᠡᠭ᠍ᠰᠡᠨ ᠢᠶᠡᠷ᠂ ᠤᠯᠤᠰ ᠤᠨ ᠬᠡᠮᠵᠢᠶᠡᠨ ᠳᠤ 2024 ᠣᠨ ᠳᠤ 57.3 ᠮᠢᠩᠭᠠᠨ ᠡᠬᠡ ᠠᠮᠤᠷᠵᠢᠵᠠᠢ᠃ ᠡᠨᠡ ᠨᠢ ᠡᠮᠦᠨᠡᠬᠢ ᠣᠨ ᠤ ᠠᠴᠠ 6.6 ᠮᠢᠩᠭ᠎ᠠ ᠪᠤᠶᠤ 10.3 ᠬᠤᠪᠢ ᠪᠠᠷ ᠪᠠᠭᠤᠷᠠᠵᠠᠢ᠃ ᠨᠡᠢᠢᠲᠡ ᠠᠮᠤᠷᠵᠢᠭᠰᠠᠨ ᠡᠬᠡᠴᠦᠳ ᠦᠨ 154 ᠨᠢ ᠭᠡᠷ ᠲᠤ ᠪᠠᠨ ᠲᠥᠷᠦᠭ᠍ᠰᠡᠨ ᠪᠡᠢᠢᠨ᠎ᠡ ᠃
2024 ᠣᠨ ᠳᠤ ᠨᠡᠢᠢᠲᠡ 57.8 ᠮᠢᠩᠭᠠᠨ ᠬᠡᠦᠬᠡᠳ ᠲᠥᠷᠥᠵᠦ ᠂ ᠡᠮᠦᠨᠡᠬᠢ ᠣᠨ ᠠᠴᠠ 6.6 ᠮᠢᠩᠭ᠎ᠠ ᠪᠤᠶᠤ 10.2 ᠬᠤᠪᠢ ᠪᠠᠷ ᠪᠠᠭᠤᠷᠠᠵᠠᠢ ᠃ 5 ᠳ᠋ᠤᠭᠠᠷ ᠰᠠᠷ᠎ᠠ ᠳᠤ ᠬᠠᠮᠦᠬ ᠤᠨ ᠣᠯᠠᠨ ᠪᠤᠶᠤ 5 ᠮᠢᠩᠭᠠᠨ ᠬᠡᠦᠬᠡᠳ ᠲᠥᠷᠦᠭ᠍ᠰᠡᠨ ᠪᠣᠯ ᠨᠢᠭᠡᠳᠦᠭᠡᠷ ᠰᠠᠷ᠎ᠠ ᠳᠤ ᠬᠠᠮᠦᠬ ᠤᠨ ᠪᠡᠭ᠎ᠠ ᠪᠤᠶᠤ 4.7 ᠮᠢᠩᠭᠠᠨ ᠬᠡᠦᠬᠡᠳ ᠲᠥᠷᠥᠵᠡᠢ ᠃