ᠮᠣᠩᠭᠣᠯ ᠤᠨ ᠦᠨᠳᠦᠰᠦᠨ ᠤ ᠪᠥᠬᠡ ᠶᠢᠨ ᠬᠣᠯᠪᠣᠭ᠎ᠠ ᠪᠠᠷᠢᠯᠳᠤᠭᠠᠨ ᠢᠶᠠᠨ ᠤᠯᠠᠷᠢᠯ ᠤᠨ ᠰᠢᠰᠲ᠋ᠧᠮ ᠳᠤ ᠰᠢᠯᠵᠢᠭᠦᠯᠵᠦ ᠂ ᠪᠥᠬᠡᠴᠦᠳ ᠲᠦ ᠴᠢᠨᠰᠠᠭ᠎ᠠ ᠲᠤᠬᠳᠡᠭᠠᠬᠤ ᠪᠠᠨ ᠵᠠᠷᠯᠠᠭᠰᠠᠨ ᠪᠢᠯᠡ ᠃ ᠲᠡᠭᠡᠪᠡᠯ 2025 ᠣᠨ ᠤ ᠠᠩᠬᠠᠨ ᠤ ᠴᠢᠨᠰᠠᠭ᠎ᠠ ᠪᠠᠨ ᠠᠯᠪᠠᠨ ᠶᠣᠰᠤᠭᠠᠷ ᠵᠠᠷᠯᠠᠭᠰᠠᠨ ᠪᠥᠭᠡᠳ ᠡᠭᠦᠨ ᠳᠤ 390 ᠪᠥᠬᠡ ᠵᠢᠭ᠌ᠰᠠᠯ᠎ᠠ ᠃ ᠴᠢᠨᠰᠠᠭ᠎ᠠ ᠶᠢ ᠲᠣᠭᠲᠠᠭᠠᠬᠤ ᠳᠠᠭᠠᠨ ᠤᠯᠠᠷᠢᠯ ᠤᠨ ᠨᠡᠭᠡᠭᠡᠯᠳᠡ ᠂ ᠨᠡᠢᠰᠯᠡᠯ ᠦᠨ 385 ᠵᠢᠯ ᠦᠨ ᠣᠶ ᠂ ᠮᠣᠩᠭᠣᠯ ᠪᠠᠬᠠᠷᠬᠠᠯ ᠤᠨ ᠡᠳᠦᠷ ᠂ ᠤᠯᠤᠰ ᠲᠤᠩᠬᠠᠭᠯᠠᠭᠰᠠᠨ ᠤ ᠣᠶ ᠂《ᠶᠡᠷᠦᠩᠬᠡᠢᠢᠯᠡᠭ᠍ᠴᠢ ᠶᠢᠨ ᠨᠡᠷᠡᠮᠵᠢᠲᠦ ᠴᠣᠮᠤ 》ᠭᠡᠰᠡᠨ ᠲᠠᠪᠤᠨ ᠪᠠᠷᠢᠯᠳᠤᠭᠠᠨ ᠤ ᠠᠮᠵᠢᠯᠲᠠ ᠶᠢ ᠬᠠᠷᠠᠭᠠᠯᠵᠠᠭᠰᠠᠨ ᠪᠡᠢᠢᠨ᠎ᠡ ᠃
ᠠᠩᠬᠠᠨ ᠤ ᠴᠢᠨᠰᠠᠭ᠎ᠠ ᠶᠢ ᠠᠷᠤᠬᠠᠩᠭᠠᠢ ᠠᠢᠮᠠᠭ ᠤᠨ ᠬᠠᠰᠢᠶᠠᠲᠤ ᠰᠤᠮᠤ ᠶᠢᠨ ᠬᠠᠷᠢᠶᠡᠳᠦ᠂ ᠤᠯᠤᠰ ᠤᠨ ᠵᠠᠯᠠᠭᠤ ᠵᠠᠭᠠᠨ ᠰ · ᠰᠦᠬᠡᠪᠠᠲᠤ 2400 ᠤᠨᠤᠭ᠎ᠠ ᠪᠠᠷ ᠲᠡᠷᠢᠭᠦᠯᠡᠵᠡᠢ ᠃ ᠨᠢᠭᠡᠳᠦᠭᠡᠷ ᠰᠠᠷ᠎ᠠ ᠳᠤ ᠴᠢᠨᠰᠠᠭ᠎ᠠ ᠶᠢᠨ ᠣᠨᠤᠭ᠎ᠠ ᠣᠯᠭᠤᠬᠤ ᠬᠣᠶᠠᠷ ᠪᠠᠷᠢᠯᠳᠤᠭᠠᠨ ᠪᠠᠢᠭ᠎ᠠ ᠪᠥᠭᠡᠳ ᠡᠬᠢᠨ ᠦ ᠬᠢ ᠨᠢ ᠡᠨᠡ ᠰᠠᠷ᠎ᠠ ᠶᠢᠨ 13 ᠳᠤ ᠪᠣᠯᠤᠨ᠎ᠠ ᠃