ᠠᠩᠭ᠍ᠯᠢ ᠶᠢᠨ ᠯᠣᠨᠳᠣᠨ ᠬᠣᠲᠠ ᠳᠤ ᠲᠥᠪ ᠲᠠᠢ《Henley and Partners》ᠪᠠᠢᠭᠤᠯᠤᠯᠭ᠎ᠠ 2025 ᠣᠨ ᠤ 《Henley Passport Index》ᠪᠤᠶᠤ ᠳᠡᠯᠡᠬᠡᠢ ᠶᠢᠨ ᠤᠯᠤᠰ ᠤᠳ ᠤᠨ ᠢᠷᠭᠡᠳ ᠬᠢᠷᠢ ᠣᠯᠠᠨ ᠣᠷᠣᠨ ᠳᠤ ᠸᠢᠰᠠ ᠦᠭᠡᠢ ᠵᠤᠷᠴᠢᠬᠤ ᠡᠷᠬᠡ ᠲᠠᠢ ᠪᠠᠢᠳᠠᠭ ᠢᠶᠠᠷ ᠨᠢ ᠵᠢᠭ᠌ᠰᠠᠭᠠᠭᠰᠠᠨ ᠵᠢᠭ᠌ᠰᠠᠭᠠᠯᠲᠠ ᠪᠠᠨ ᠲᠠᠨᠢᠯᠴᠠᠭᠤᠯᠤᠯ᠎ᠠ᠃ ᠡᠨᠡ ᠣᠨ ᠤ ᠵᠢᠭ᠌ᠰᠠᠭᠠᠯᠲᠠ ᠶᠢ 227 ᠣᠷᠣᠨ ᠤ 195 ᠤᠷᠤᠭᠤ ᠨᠢ ᠸᠢᠰᠠ ᠦᠭᠡᠢ ᠵᠣᠷᠴᠢᠳᠠᠭ ᠰᠢᠨᠭ᠍ᠭᠠᠫᠦᠷ ᠤᠯᠤᠰ ᠲᠡᠷᠢᠭᠦᠯᠡᠵᠦ᠂ ᠬᠠᠮᠦᠬ ᠤᠨ ᠬᠦᠴᠦᠷᠭᠡᠭ ᠭᠠᠳᠠᠭᠠᠳᠤ ᠫᠠᠰᠫᠣᠷᠲ ᠲᠠᠢ ᠣᠷᠣᠨ ᠪᠣᠯᠵᠠᠢ ᠃
ᠬᠠᠷᠢᠨ 66 ᠤᠯᠤᠰ ᠲᠤ ᠸᠢᠰᠠ ᠦᠭᠡᠢ ᠵᠣᠷᠴᠢᠳᠠᠭ ᠮᠠᠨ ᠤ ᠤᠯᠤᠰ 199 ᠣᠷᠣᠨ ᠠᠴᠠ 76 ᠳ᠋ᠤᠭᠠᠷ ᠲᠤ ᠣᠷᠣᠭᠰᠠᠨ ᠪᠡᠢᠢᠨ᠎ᠡ ᠃ 2006 ᠣᠨ ᠠᠴᠠ ᠬᠤᠢᠢᠰᠢ ᠵᠢᠯ ᠲᠤᠲᠤᠮ ᠭᠠᠷᠴᠤ ᠪᠤᠶ ᠡᠨᠡ ᠵᠢᠭ᠌ᠰᠠᠭᠠᠯᠲᠠ ᠳᠤ ᠮᠣᠩᠭᠣᠯ ᠤᠯᠤᠰ 72-87 ᠳ᠋ᠤᠭᠠᠷ ᠪᠠᠢᠷᠢᠨ ᠳᠤ ᠬᠡᠯᠪᠡᠯᠵᠡᠵᠦ ᠢᠷᠠᠵᠠᠢ ᠃