ᠦᠨᠳᠦᠰᠦᠨ ᠤ ᠰᠲ᠋ᠠᠲ᠋ᠢᠰᠲ᠋ᠢᠺ ᠤᠨ ᠬᠣᠷᠢᠶᠠᠨ ᠠᠴᠠ ᠮᠡᠳᠡᠭᠡᠯᠡᠭᠰᠡᠨ ᠢᠶᠡᠷ᠂ 2024 ᠣᠨ ᠤ ᠡᠴᠦᠰ ᠲᠤ ᠮᠠᠯ ᠲᠣᠭᠠᠯᠠᠯᠭ᠎ᠠ ᠶᠢᠨ ᠤᠷᠢᠳᠴᠢᠯᠠᠭᠰᠠᠨ ᠳ᠋ᠦᠩ ᠢᠶᠡᠷ 57.6 ᠰᠠᠶ᠎ᠠ ᠲᠣᠯᠤᠭᠠᠢ ᠮᠠᠯ ᠲᠣᠭᠠᠯᠠᠭᠳᠠᠭᠰᠠᠨ ᠪᠡᠢᠢᠨ᠎ᠡ᠃ ᠡᠨᠡ ᠨᠢ ᠮᠠᠯ ᠤᠨ ᠲᠣᠭ᠎ᠠ ᠡᠮᠦᠨᠡᠬᠢ ᠣᠨ ᠠᠴᠠ 7 ᠰᠠᠶ᠎ᠠ ᠪᠠᠷ ᠪᠤᠶᠤ 10.9 ᠬᠤᠪᠢ ᠪᠠᠷ ᠪᠠᠭᠤᠷᠠᠭᠰᠠᠨ ᠢ ᠬᠠᠷᠠᠭᠤᠯᠵᠤ ᠪᠠᠢᠨ᠎ᠠ ᠃
ᠲᠣᠭᠠᠨ ᠮᠡᠳᠡᠭᠡᠯᠡᠯ ᠡᠴᠡ ᠬᠠᠷᠠᠪᠠᠯ ᠲᠡᠮᠡᠭᠡᠨ ᠰᠦᠷᠦᠭ ᠡᠴᠡ ᠪᠤᠰᠤᠳ ᠮᠠᠯ ᠤᠨ ᠲᠣᠭ᠎ᠠ ᠲᠣᠯᠤᠭᠠᠢ ᠪᠠᠭᠤᠷᠠᠭᠰᠠᠨ ᠬᠠᠷᠠᠭᠳᠠᠵᠤ ᠪᠡᠢᠢᠨ᠎ᠡ᠃ ᠲᠣᠳᠣᠷᠠᠭᠤᠯᠪᠠᠯ᠂ ᠠᠳᠤᠭᠤ ᠶᠢᠨ ᠲᠤᠭ᠎ᠠ 3.1 ᠬᠤᠪᠢ ᠪᠠᠷ ᠪᠠᠭᠤᠷᠠᠭᠰᠠᠨ ᠪᠣᠯ ᠦᠬᠡᠷ ᠤᠨ ᠲᠤᠭ᠎ᠠ 5.2 ᠬᠤᠪᠢ ᠪᠠᠷ ᠪᠠᠭᠤᠷᠠᠭᠰᠠᠨ ᠪᠡᠢᠢᠨ᠎ᠡ ᠃ ᠬᠣᠨᠢ 16.7 ᠬᠤᠪᠢ ᠪᠠᠷ ᠂ ᠢᠮᠠᠭ᠎ᠠ 6.9 ᠬᠤᠪᠢ ᠪᠠᠷ ᠲᠣᠭ᠎ᠠ ᠲᠣᠯᠤᠭᠠᠢ ᠨᠢ ᠪᠠᠭᠤᠷᠠᠭᠰᠠᠨ ᠪᠡᠢᠢᠨ᠎ᠡ ᠃