ᠭᠠᠳᠠᠭᠠᠳᠤ ᠬᠤᠳᠠᠯᠳᠤᠭᠠᠨ ᠤ ᠰᠲ᠋ᠠᠲ᠋ᠢᠰᠲ᠋ᠢᠺ ᠡᠴᠡ ᠦᠵᠡᠪᠡᠯ᠂ ᠮᠣᠩᠭᠣᠯ ᠤᠯᠤᠰ 2024 ᠣᠨ ᠤ ᠡᠬᠢᠨ ᠤ 11 ᠰᠠᠷ᠎ᠠ ᠳᠤ ᠨᠡᠢᠢᠲᠡ 158 ᠤᠯᠤᠰ ᠲᠠᠢ ᠬᠤᠳᠠᠯᠳᠤᠭ᠎ᠠ ᠬᠢᠵᠦ ᠂ ᠭᠠᠳᠠᠭᠠᠳᠤ ᠬᠤᠳᠠᠯᠳᠤᠭᠠᠨ ᠤ ᠨᠡᠢᠢᠲᠡ ᠪᠠᠷᠠᠭ᠎ᠠ ᠡᠷᠭᠢᠯᠲᠡ 25.2 ᠲᠡᠷᠪᠤᠮ ᠳ᠋ᠣᠯᠯᠠᠷ ᠲᠤ ᠬᠦᠷᠦᠭ᠍ᠰᠡᠨ ᠪᠡᠢᠢᠨ᠎ᠡ ᠃ ᠡᠭᠦᠨ ᠠᠴᠠ ᠡᠺᠰᠫᠣᠷᠲ 14.6 ᠲᠡᠷᠪᠤᠮ ᠳ᠋ᠣᠯᠯᠠᠷ ᠂ ᠢᠮᠫᠣᠷᠲ 10.6 ᠲᠡᠷᠪᠤᠮ ᠳ᠋ᠣᠯᠯᠠᠷ ᠲᠤ ᠬᠦᠷᠴᠦ ᠂ ᠲᠡᠨᠭᠴᠡᠯ ᠳᠦᠷᠪᠡᠨ ᠲᠡᠷᠪᠤᠮ ᠳ᠋ᠣᠯᠯᠠᠷ ᠤᠨ ᠠᠰᠢᠭ ᠲᠠᠢ ᠭᠠᠷᠴᠠᠢ ᠃
ᠲᠣᠳᠣᠷᠠᠭᠤᠯᠪᠠᠯ ᠂ ᠨᠡᠢᠢᠲᠡ ᠪᠠᠷᠠᠭ᠎ᠠ ᠡᠷᠭᠢᠯᠲᠡ ᠶᠢᠨ ᠭᠡᠮᠵᠢᠶ᠎ᠠ ᠡᠮᠦᠨᠡᠬᠢ ᠣᠨ ᠤ ᠮᠤᠢ᠍ᠠ ᠦᠶ᠎ᠡ ᠡᠴᠡ 3 ᠲᠡᠷᠪᠤᠮ ᠳ᠋ᠣᠯᠯᠠᠷ ᠪᠤᠶᠤ 13.4 ᠬᠤᠪᠢ ᠪᠠᠷ ᠂ ᠡᠺᠰᠫᠣᠷᠲ 781.7 ᠰᠠᠶ᠎ᠠ ᠳ᠋ᠣᠯᠯᠠᠷ ᠪᠤᠶᠤ 5.7 ᠬᠤᠪᠢ ᠪᠠᠷ ᠂ ᠢᠮᠫᠣᠷᠲ 2.2 ᠲᠡᠷᠪᠤᠮ ᠳ᠋ᠣᠯᠯᠠᠷ ᠪᠤᠶᠤ 26.2 ᠬᠤᠪᠢ ᠪᠠᠷ ᠲᠤᠰ ᠲᠤᠰ ᠥᠰᠴᠡᠢ ᠃ ᠬᠠᠷᠢᠨ ᠲᠡᠨᠭᠴᠡᠯ 1.4 ᠲᠡᠷᠪᠤᠮ ᠳ᠋ᠣᠯᠯᠠᠷ ᠪᠤᠶᠤ 25.9 ᠬᠤᠪᠢ ᠪᠠᠷ ᠪᠠᠭᠤᠷᠠᠭᠰᠠᠨ ᠪᠡᠢᠢᠨ᠎ᠡ ᠃