《ᠴᠢᠩᠭᠢᠰ ᠬᠠᠭᠠᠨ》ᠦᠨᠳᠦᠰᠦᠨ ᠤ ᠮᠦᠽᠧᠢ ᠳᠦ ᠰᠡᠷᠭᠦᠭᠡᠨ ᠵᠠᠰᠠᠪᠦᠷᠢᠯᠠᠯᠲᠠ ᠶᠢᠨ ᠮᠡᠷᠭᠡᠵᠢᠯ ᠤᠨ ᠯᠠᠪᠣᠷᠠᠲ᠋ᠣᠷᠢ ᠨᠡᠭᠡᠭᠡᠭᠳᠡᠭᠰᠡᠨ ᠨᠢ ᠮᠣᠩᠭᠣᠯ ᠤᠨ ᠮᠦᠽᠧᠢ ᠶᠢᠨ ᠰᠠᠯᠪᠤᠷᠢ ᠳᠠᠭᠠᠨ ᠠᠩᠬᠠᠳᠠᠭ᠌ᠴᠢ ᠪᠥᠭᠡᠳ ᠲᠡᠳᠡ ᠡᠨᠡ ᠯᠠᠪᠣᠷᠠᠲ᠋ᠣᠷᠢ ᠳᠤ ᠪᠠᠨ ᠦᠵᠡᠮᠦᠷᠢ ᠶᠢᠨ ᠬᠠᠳᠠᠭᠠᠯᠠᠯᠲᠠ᠂ ᠬᠠᠮᠠᠭᠠᠯᠠᠯᠲᠠ ᠶᠢ ᠤᠷᠲᠤᠰᠬᠠᠬᠤ᠂ ᠣᠯᠳᠠᠪᠤᠷᠢ ᠶᠢ ᠰᠡᠷᠭᠦᠭᠡᠨ ᠵᠠᠰᠠᠪᠤᠷᠢᠯᠠᠬᠤ ᠪᠣᠯᠣᠮᠵᠢ ᠲᠠᠢ ᠪᠣᠯᠵᠤ ᠪᠡᠢᠢᠨ᠎ᠡ ᠃
ᠯᠠᠪᠣᠷᠠᠲ᠋ᠣᠷᠢ ᠶᠢᠨ ᠥᠷᠦᠭᠡ ᠨᠢ ᠦᠵᠡᠮᠦᠷᠢ᠂ ᠡᠳ᠋ ᠦᠯᠦᠭ ᠦᠨ ᠵᠦᠢᠯ ᠤᠨ ᠰᠤᠳᠤᠯᠭ᠎ᠠ ᠬᠢᠬᠦ XRF ᠲᠥᠬᠥᠭᠡᠷᠦᠮᠵᠢ ᠲᠠᠢ᠃ ᠤᠭ ᠲᠥᠬᠦᠭᠡᠷᠦᠮᠵᠢ ᠨᠢ ᠣᠯᠳᠠᠪᠤᠷᠢ ᠶᠢᠨ ᠡᠯᠧᠮᠧᠨ᠋ᠲ ᠦᠨ ᠨᠠᠢᠢᠷᠠᠯᠭ᠎ᠠ ᠶᠢ ᠲᠣᠳᠣᠷᠬᠠᠢᠯᠠᠬᠤ᠂ ᠪᠦᠲᠦᠴᠡ ᠶᠢᠨ ᠵᠢᠷᠤᠭᠯᠠᠯ ᠬᠢᠬᠦ᠂ ᠠᠷᠢᠭᠤᠳᠬᠠᠬᠤ᠂ ᠲᠣᠮᠤ ᠣᠪᠤᠷ ᠬᠡᠮᠵᠢᠶ᠎ᠡ ᠲᠠᠢ ᠰᠣᠶᠤᠯ ᠤᠨ ᠥᠪ ᠢ 3 D ᠰᠺᠠᠠᠨ ᠲᠧᠭ᠍ᠨᠣᠯᠣᠭᠢ ᠪᠡᠷ ᠪᠠᠷᠢᠮᠲᠠᠵᠢᠭᠤᠯᠤᠨ ᠴᠠᠬᠢᠮ ᠮᠡᠳᠡᠭᠡᠯᠡᠯ ᠦᠨ ᠰᠠᠩ ᠡᠭᠦᠰᠭᠡᠬᠦ᠂ ᠭᠡᠮᠲᠦᠯ ᠢ ᠲᠣᠳᠣᠷᠬᠠᠢᠯᠠᠬᠤ ᠬᠦᠴᠦᠨ ᠴᠢᠳᠠᠯ ᠲᠠᠢ ᠃