ᠡᠮᠦᠨᠡᠭᠤᠪᠢ ᠠᠢᠮᠠᠭ ᠤᠨ ᠪᠤᠯᠠᠭᠠᠨ ᠰᠤᠮᠤ ᠶᠢᠨ ᠨᠤᠲᠤᠭ ᠲᠤ ᠮᠠᠯᠲᠠᠯᠭ᠎ᠠ᠂ ᠰᠤᠳᠤᠯᠭ᠎ᠠ ᠬᠢᠭ᠍ᠰᠡᠨ ᠮᠣᠩᠭᠣᠯ᠂ ᠫᠤᠯᠠᠨᠳ᠋ ᠤᠨ ᠠᠷᠾᠧᠤᠯᠤᠭᠢᠴᠢᠳ ᠣᠳᠣ ᠠᠴᠠ 25 ᠮᠢᠩᠭᠠᠨ ᠵᠢᠯ ᠦᠨ ᠡᠮᠦᠨ᠎ᠡ ᠠᠮᠢᠳᠤᠷᠠᠵᠤ ᠪᠠᠢᠭᠰᠠᠨ ᠬᠥᠮᠥᠨ ᠤ ᠶᠠᠰᠤ ᠣᠯᠣᠭᠰᠠᠨ ᠢ ᠮᠣᠩᠭᠣᠯ ᠤᠨ ᠰᠢᠨᠵᠢᠯᠡᠬᠦ ᠤᠬᠠᠭᠠᠨ ᠤ ᠠᠻᠠᠳᠧᠮᠢ᠂ ᠫᠤᠯᠠᠨᠳ᠋ ᠤᠨ ᠸᠷᠤᠼᠯᠠᠸ᠋ ᠤᠨ ᠶᠡᠭᠡ ᠰᠤᠷᠭᠠᠭᠤᠯᠢ ᠶᠢᠨ ᠡᠷᠳᠡᠮᠲᠡᠳ ᠮᠡᠳᠡᠭᠡᠯᠡᠯ᠎ᠡ ᠃
ᠪᠤᠯᠠᠭᠠᠨ ᠰᠤᠮᠤ ᠶᠢᠨ ᠨᠤᠲᠤᠭ ᠲᠤ ᠣᠷᠣᠰᠢᠳᠠᠭ ᠬᠥᠲᠥᠯ ᠤᠰᠤᠨ ᠤ ᠠᠭᠤᠢ ᠶᠢᠨ 3.5 ᠮᠧᠲᠷ ᠬᠦᠷᠲᠡᠯᠡᠬᠢ ᠭᠦᠨ ᠳᠤ ᠬᠢᠭ᠍ᠰᠡᠨ ᠮᠠᠯᠲᠠᠯᠠᠭᠠ ᠪᠠᠷ ᠤᠭ ᠣᠯᠳᠠᠪᠤᠷᠢ ᠶᠢ ᠣᠯᠣᠭᠰᠠᠨ ᠪᠥᠭᠡᠳ ᠣᠨ ᠴᠠᠭ ᠢ ᠲᠣᠭᠲᠠᠭᠠᠭᠠᠳ ᠵᠣᠭᠰᠣᠬᠤ ᠦᠭᠡᠢ ᠭᠧᠨᠧᠲ᠋ᠢᠻ ᠤᠨ ᠨᠠᠷᠢᠪᠴᠢᠯᠠᠭᠰᠠᠨ ᠰᠤᠳᠤᠯᠭ᠎ᠠ ᠶᠢ ᠦᠷᠭᠦᠯᠵᠢᠯᠡᠭᠦᠯᠦᠨ ᠬᠢᠵᠦ ᠪᠠᠢᠭ᠎ᠠ ᠭᠡᠨ᠎ᠡ᠃《2006 ᠣᠨ ᠳᠤ ᠬᠡᠨᠲᠡᠢ ᠠᠢᠮᠠᠭ ᠤᠨ ᠨᠣᠷᠪᠤᠯᠢᠨ ᠰᠤᠮᠤ ᠶᠢᠨ ᠰᠠᠯᠬᠢᠲᠤ ᠭᠡᠳᠡᠭ ᠭᠠᠵᠠᠷ ᠠᠴᠠ ᠬᠥᠮᠥᠨ ᠤ ᠭᠠᠪᠠᠯᠠ ᠶᠢᠨ ᠶᠠᠰᠤ ᠣᠯᠳᠠᠵᠤ ᠪᠠᠢᠭᠰᠠᠨ ᠃ ᠣᠨ ᠴᠠᠭ ᠤᠨ ᠬᠤᠪᠢ ᠳᠤ 39-40 ᠮᠢᠩᠭ᠎ᠠ ᠣᠷᠴᠢᠮ ᠵᠢᠯ ᠦᠨ ᠨᠠᠰᠤ ᠲᠠᠢ᠂ ᠡᠮᠡᠭ᠍ᠳᠡᠢ ᠬᠥᠮᠥᠨ ᠤ ᠭᠠᠪᠠᠯᠠ ᠶᠢᠨ ᠦᠯᠡᠳᠡᠭ᠍ᠳᠡᠯ ᠪᠣᠯᠬᠤ ᠨᠢ ᠮᠡᠳᠡᠭ᠍ᠳᠡᠭ᠍ᠰᠡᠨ ᠃ ᠬᠠᠷᠢᠨ ᠡᠨᠡ ᠤᠳᠠᠭ᠎ᠠ ᠣᠯᠳᠠᠭᠰᠠᠨ ᠶᠠᠰᠤ ᠬᠤᠶᠠᠳᠠᠬᠢ ᠨᠢ ᠂ ᠳᠡᠯᠡᠬᠡᠢ ᠳᠤ ᠬᠣᠪᠣᠷ ᠲᠤ ᠲᠣᠭᠠᠴᠠᠭᠳᠠᠳᠠᠭ ᠬᠥᠮᠥᠨ ᠤ ᠶᠠᠰᠤᠨ ᠤ ᠦᠯᠡᠳᠡᠭ᠍ᠳᠡᠯ》ᠬᠡᠮᠡᠨ ᠳ᠋ᠣᠺᠲ᠋ᠣᠷ ᠷᠧᠭᠵᠢᠨ ᠰᠤᠷᠪᠤᠯᠵᠢᠯᠠᠭ᠌ᠴᠢ ᠳᠤ ᠶᠠᠷᠢᠵᠠᠢ᠃