ᠡᠬᠡ ᠣᠷᠣᠨ ᠠᠴᠠ ᠪᠠᠨ ᠤᠷᠪᠠᠵᠤ ᠂ ᠭᠠᠳᠠᠭᠠᠳᠤ ᠶᠢᠨ ᠲᠠᠩᠨᠠᠭᠤᠯ ᠤᠨ ᠪᠠᠢᠭᠤᠯᠤᠯᠭ᠎ᠠ ᠲᠠᠢ ᠬᠠᠮᠲᠤᠷᠠᠨ ᠠᠵᠢᠯᠯᠠᠭᠰᠠᠨ ᠭᠡᠬᠦ ᠬᠡᠷᠡᠭ ᠲᠤ ᠶᠠᠯᠠᠯᠠᠭᠳᠠᠭ᠌ᠴᠢ ᠪᠠᠷ ᠲᠠᠲᠠᠭᠳᠠᠭᠰᠠᠨ ᠵ· ᠰᠠᠩᠵᠠᠢᠳᠤᠷᠵᠢ᠂ ᠳ· ᠪᠢᠮᠪᠠᠵᠠᠪ ᠨᠠᠷ ᠤᠨ ᠬᠡᠷᠡᠭ ᠦᠨ ᠤᠷᠢᠳᠴᠢᠯᠠᠭᠰᠠᠨ ᠬᠡᠯᠡᠯᠴᠡᠭᠦᠯᠭᠡ ᠳᠠᠬᠢᠨ ᠬᠣᠢᠰᠢᠯᠠᠵᠤ᠂ ᠠᠷᠪᠠᠨ ᠬᠣᠶᠠᠳᠤᠭᠠᠷ ᠰᠠᠷ᠎ᠠ ᠶᠢᠨ 19 ᠦ 10.00 ᠴᠠᠭ ᠲᠤ ᠲᠤᠪᠯᠠᠭᠰᠠᠨ ᠪᠤᠯᠪᠠᠴᠤ ᠰᠢᠭᠦᠬᠦ ᠪᠠᠢᠭᠤᠯᠤᠯᠭ᠎ᠠ ᠶᠢᠨ ᠮᠡᠳᠡᠭᠡᠯᠡᠭ᠍ᠰᠡᠨ ᠢᠶᠡᠷ ᠵ· ᠰᠠᠩᠵᠠᠢᠳᠤᠷᠵᠢ ᠡᠷᠡᠭᠦᠯ ᠮᠡᠨᠳᠦ ᠶᠢᠨ ᠰᠢᠯᠲᠠᠭᠠᠨ ᠢᠶᠠᠷ ᠬᠤᠢᠢᠰᠢᠯᠡᠭᠤᠯᠬᠤ ᠬᠦᠰᠡᠯᠲᠡ ᠶᠢ ᠢᠷᠡᠭᠦᠯᠦᠭ᠍ᠰᠡᠨ ᠪᠡᠢᠢᠨ᠎ᠡ ᠃
ᠬᠡᠷᠡᠭ ᠢ ᠲᠣᠳᠣᠷᠠᠭᠤᠯᠪᠠᠯ᠂ ᠲᠠᠩᠨᠠᠭᠤᠯ ᠤᠨ ᠶᠡᠷᠦᠩᠬᠡᠶ ᠭᠠᠵᠠᠷ ᠠᠴᠠ ᠭᠤᠷᠪᠠᠳᠤᠭᠠᠷ ᠰᠠᠷ᠎ᠠ︵2024.03.29︶ ᠳᠦ ᠮᠣᠩᠭᠣᠯ ᠤᠯᠤᠰ ᠲᠤ ᠲᠠᠩᠨᠠᠭᠤᠯ ᠬᠢᠵᠦ ᠪᠠᠢᠭᠰᠠᠨ ᠭᠠᠳᠠᠭᠠᠳᠤ ᠶᠢᠨ ᠨᠢᠭᠡ ᠢᠷᠭᠡᠠ ᠪᠤᠯᠦᠠ ᠡᠬᠡ ᠣᠷᠣᠨ ᠠᠴᠠ ᠪᠠᠨ ᠤᠷᠪᠠᠭᠰᠠᠨ ᠭᠡᠬᠦ ᠢᠷᠭᠡᠳ ᠢ ᠪᠠᠷᠢᠪᠴᠢᠯᠠᠵᠤ ᠂ ᠰᠠᠭᠠᠲᠠᠭᠤᠯᠤᠭᠰᠠᠨ ᠲᠠᠯ᠎ᠠ ᠪᠠᠷ ᠮᠡᠳᠡᠭᠡᠯᠡᠵᠦ ᠪᠠᠢᠭᠰᠠᠨ ᠶᠤᠮ ᠃