ᠮᠣᠩᠭᠣᠯ ᠤᠯᠤᠰ ᠤᠨ ᠬᠥᠮᠦᠨ ᠠᠮᠢᠳᠦᠷᠡᠬᠤ ᠪᠣᠯᠣᠮᠵᠢ ᠲᠠᠢ ᠭᠠᠵᠠᠷ ᠨᠤᠲᠤᠭ ᠤᠨ 23.8 ᠬᠤᠪᠢ ᠳᠤ ᠨᠢ ᠡᠭᠦᠷᠦᠨ ᠬᠣᠯᠪᠤᠭᠠᠨ ᠤ ᠰᠦᠯᠵᠢᠶ᠎ᠠ ᠨᠡᠪᠲᠡᠷᠡᠵᠦ ᠂ ᠦᠯᠡᠳᠡᠭ᠍ᠰᠡᠨ ᠭᠠᠵᠠᠷ ᠨᠤᠲᠤᠭ ᠢ ᠶᠡᠮᠡᠷ ᠨᠢᠭᠡᠨ ᠰᠦᠯᠵᠢᠶᠡᠨ ᠳᠤ ᠬᠣᠯᠪᠤᠭ᠎ᠠ ᠦᠭᠡᠢ ᠪᠡᠢᠢᠨ᠎ᠡ ᠃ ᠴᠠᠬᠢᠮ ᠬᠦᠭᠵᠢᠯ ᠦᠨ ᠶᠠᠮᠤᠨ ᠡᠨᠡ ᠣᠨ ᠳᠤ 74 ᠪᠠᠭ ᠲᠤ᠂ ᠢᠷᠡᠬᠦ ᠣᠨ ᠳᠤ 55 ᠪᠠᠭ ᠲᠤ ᠰᠦᠯᠵᠢᠶ᠎ᠠ ᠨᠡᠪᠲᠡᠷᠡᠭᠦᠯᠬᠦ ᠠᠴᠠ ᠭᠠᠳᠡᠨ᠎ᠡ ᠠᠯᠤᠰᠯᠠᠭᠳᠠᠭᠰᠠᠨ ᠨᠤᠲᠤᠭ ᠲᠤ ᠬᠠᠷᠢᠯᠴᠠᠭ᠎ᠠ ᠬᠣᠯᠪᠤᠭᠠᠨ ᠤ ᠦᠢᠯᠡᠴᠢᠯᠡᠭᠡ ᠶᠢ ᠬᠦᠷᠲᠡᠭᠡᠮᠵᠢ ᠲᠠᠢ ᠬᠦᠷᠭᠡᠬᠦ ᠪᠡᠷ 2027 ᠣᠨ ᠳᠤ ᠦᠨᠳᠦᠰᠦᠨ ᠤ ᠬᠢᠮᠡᠯ ᠳᠠᠭᠠᠭᠤᠯᠢ ᠬᠥᠭᠡᠷᠭᠡᠬᠦ ᠢᠶᠠᠷ ᠪᠡᠯᠡᠳᠬᠡᠵᠦ ᠪᠡᠢᠢᠨ᠎ᠡ᠃ ᠲᠡᠭᠡᠪᠡᠯ ᠴᠢᠨᠠᠭᠰᠢᠳᠠ ᠭᠠᠵᠠᠷ ᠤᠨ ᠳᠡᠳ᠋ ᠪᠦᠲᠦᠴᠡ ᠶᠢ ᠠᠰᠢᠭ᠌ᠯᠠᠨ ᠰᠦᠯᠵᠢᠶ᠎ᠠ ᠨᠡᠪᠲᠡᠷᠡᠭᠦᠯᠬᠦ ᠠᠵᠢᠯ ᠢ ᠦᠷᠭᠦᠯᠵᠢᠯᠡᠭᠦᠯᠬᠦ ᠂ ᠡᠰᠡᠪᠡᠯ ᠦᠨᠳᠦᠰᠦᠨ ᠤ ᠬᠢᠮᠡᠯ ᠳᠠᠭᠠᠭᠤᠯ ᠢᠶᠠᠷ ᠰᠢᠢᠳᠬᠦ ᠦᠦ ᠭᠡᠳᠡᠭ ᠠᠰᠠᠭᠤᠳᠠᠯ ᠢ ᠮᠣᠪᠢᠺᠣᠮ ᠻᠣᠷᠫᠣᠷᠠᠼ ᠤᠨ ᠬᠢᠨ ᠴᠠᠬᠢᠮ ᠬᠦᠭᠵᠢᠯ ᠦᠨ ᠰᠠᠢᠳ ᠴ· ᠪᠠᠭᠠᠲᠤᠷᠬᠦᠦ ᠲᠠᠢ ᠠᠭᠤᠯᠵᠠᠬᠤ ᠦᠶ᠎ᠡ ᠪᠡᠷ ᠢᠶᠡᠨ ᠲᠠᠯᠪᠢᠭ᠌ᠰᠠᠨ ᠶᠤᠮ ᠃
ᠮᠣᠪᠢᠺᠣᠮ ᠻᠣᠷᠫᠣᠷᠠᠼ ᠤᠨ ᠵᠥᠪᠯᠡᠬᠦ ᠺᠤᠪᠠᠶᠠᠰᠢ ᠾᠢᠷᠤᠶᠤᠺᠢ ᠲᠤᠰ ᠺᠣᠮᠫᠠᠨᠢ ᠳᠤ ᠣᠳᠤ ᠪᠠᠷ ᠲᠤᠯᠭᠠᠮᠳᠠᠭᠰᠠᠨ ᠠᠰᠠᠭᠤᠳᠠᠯ ᠪᠠᠢᠢᠬᠤ ᠦᠭᠡᠶ ᠴᠤ ᠴᠢᠨᠠᠭᠰᠢᠳᠠ ᠴᠠᠬᠢᠮ ᠬᠦᠭᠵᠢᠯ ᠦᠨ ᠶᠠᠮᠤᠨ ᠲᠠᠢ ᠨᠢᠬᠳᠠ ᠤᠶᠠᠯᠳᠤᠭ᠎ᠠ ᠬᠣᠯᠪᠣᠭ᠎ᠠ ᠲᠠᠢ ᠠᠵᠢᠯᠯᠠᠬᠤ ᠬᠦᠰᠡᠯ ᠲᠠᠢ ᠪᠠᠨ ᠢᠯᠡᠷᠬᠡᠢᠯᠡᠵᠡᠢ ᠃