ᠬᠤᠪᠢᠯᠠᠢ ᠬᠠᠭᠠᠨ ᠤ ᠡᠭᠦᠰᠬᠡᠨ ᠪᠠᠢᠭᠤᠯᠤᠭᠰᠠᠨ ᠶᠤᠸᠠᠨ ᠤᠯᠤᠰ ᠤᠨ ᠴᠡᠷᠢᠭ ᠶᠠᠫᠤᠨ ᠳᠤ ᠳᠤᠪᠲᠤᠯᠤᠭᠰᠠᠨ ᠤ 750 ᠵᠢᠯ ᠦᠨ ᠣᠢ ᠶᠢ ᠬᠣᠶᠠᠷ ᠤᠯᠤᠰ ᠬᠠᠮᠲᠤᠷᠠᠨ ᠲᠡᠮᠳᠡᠭ᠍ᠯᠡᠵᠦ ᠪᠡᠢᠢᠨ᠎ᠡ᠃ ᠣᠢ ᠶᠢᠨ ᠬᠦᠷᠢᠶᠡᠨ ᠳᠤ 1274 ᠣᠨ ᠤ ᠮᠣᠩᠭᠣᠯᠴᠤᠳ ᠤᠨ ᠳᠤᠪᠲᠤᠯᠭᠠᠨ ᠳᠤ ᠦᠷᠡᠭ᠍ᠳᠡᠭ᠍ᠰᠡᠨ ᠴᠡᠷᠢᠭ ᠂ ᠡᠩ ᠤᠨ ᠢᠷᠭᠡᠳ ᠦᠨ ᠳᠤᠷᠠᠰᠬᠠᠯ ᠳᠤ ᠬᠦᠨᠳᠦᠳᠬᠡᠯ ᠦᠵᠡᠭᠦᠯᠬᠦ᠂ ᠵᠠᠯᠪᠠᠷᠢᠬᠤ᠂ ᠮᠣᠷᠢᠲᠤ ᠦᠵᠡᠭᠦᠯᠪᠦᠷᠢ ᠦᠵᠡᠭᠦᠯᠬᠦ ᠵᠡᠷᠭᠡ ᠠᠷᠭ᠎ᠠ ᠬᠡᠮᠵᠢᠶ᠎ᠡ ᠶᠢ ᠥᠩᠭᠡᠷᠡᠭ᠍ᠴᠢ ᠰᠠᠷ᠎ᠠ ᠳᠤ ᠵᠣᠬᠢᠶᠠᠨ ᠪᠠᠢᠭᠤᠯᠤᠭᠰᠠᠨ ᠪᠣᠯ ᠥᠩᠭᠡᠷᠡᠭ᠍ᠴᠢ ᠪᠢᠮᠪᠠ ᠭᠠᠷᠠᠭ ᠲᠤ ᠲᠣᠣᠺᠢᠣ᠋ ᠶᠢᠨ ᠺᠤᠺᠤᠭᠠᠺᠦᠢ ᠶᠢᠨ ᠶᠡᠭᠡ ᠰᠤᠷᠭᠠᠭᠤᠯᠢ ᠳᠤ ᠰᠢᠮᠫᠣᠽᠢᠦᠮ ᠬᠢᠯ᠎ᠡ ᠃
ᠰᠢᠮᠫᠣᠽᠢᠦᠮ ᠳᠤ ᠣᠷᠣᠯᠴᠠᠭᠰᠠᠨ ᠮᠣᠩᠭᠣᠯ ᠤᠨ ᠡᠷᠳᠡᠮᠲᠡᠳ ᠨᠠᠭᠠᠰᠠᠺᠢ ᠮᠤᠵᠢ ᠶᠢᠨ ᠮᠠᠴᠤᠷᠠ ᠬᠣᠲᠠ ᠠᠴᠠ ᠣᠯᠳᠠᠭᠰᠠᠨ ᠶᠤᠸᠠᠨ ᠭᠦᠷᠦᠨ ᠤ ᠵᠡᠪᠰᠡᠭ᠂ ᠬᠡᠷᠡᠭ᠍ᠰᠡᠯ ᠦᠨ ᠲᠠᠯ᠎ᠠ ᠪᠠᠷ ᠬᠡᠯᠡᠯᠴᠡᠭ᠍ᠰᠡᠨ ᠭᠡᠵᠦ《The Japan Times》ᠰᠣᠨᠢᠨ ᠮᠡᠳᠡᠭᠡᠯᠡᠪᠡ ᠃ ᠲᠤᠰ ᠰᠢᠮᠫᠣᠽᠢᠦᠮ ᠳᠤ ᠣᠷᠣᠯᠴᠠᠭᠰᠠᠨ ᠮᠣᠩᠭᠣᠯ ᠤᠯᠤᠰ ᠤᠨ ᠶᠡᠭᠡ ᠰᠤᠷᠭᠠᠭᠤᠯᠢ ᠶᠢᠨ ᠠᠨᠲᠷᠣᠫᠣᠯᠣᠭᠢ ᠂ ᠠᠷᠬᠧᠣᠯᠣᠭᠢ ᠶᠢᠨ ᠲᠠᠩᠬᠢᠮ ᠤᠨ ᠡᠷᠬᠢᠯᠡᠭ᠍ᠴᠢ ᠤ· ᠡᠷᠳᠡᠨᠢᠪᠠᠲᠤ ᠳᠡᠭᠡᠷ᠎ᠡ ᠳᠤᠷᠠᠳᠤᠭᠰᠠᠨ ᠣᠯᠳᠠᠪᠤᠷᠢ ᠨᠤᠭᠤᠳ ᠢ ᠬᠣᠶᠠᠷ ᠤᠯᠤᠰ ᠬᠠᠮᠲᠤᠷᠠᠭᠰᠠᠨ ᠰᠤᠳᠤᠯᠭᠠᠨ ᠤ ᠪᠠᠭ ᠭᠠᠷᠭᠠᠵᠤ ᠰᠤᠳᠤᠯᠬᠤ ᠬᠡᠷᠡᠭ ᠲᠠᠢ ᠭᠡᠳᠡᠭ ᠢ ᠣᠨᠴᠠᠯᠠᠵᠠᠢ ᠃