ᠪᠷᠠᠽᠢᠯ ᠳᠦ ᠪᠣᠯᠵᠤ ᠪᠤᠶ 18 ᠠ᠋ᠴᠠ ᠳᠣᠭᠣᠭ᠌ᠰᠢ ᠨᠠᠰᠤᠨ ᠤ ᠬᠢᠨ ᠦ ᠰᠢᠲᠠᠷ᠎ᠠ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠲᠤᠢ᠍ᠷᠭᠡᠠ ᠲᠣᠭᠯᠠᠯᠲᠠ ᠶᠢᠨ ᠲᠥᠷᠥᠯ ᠳᠤ ᠣᠷᠤᠰ ᠤᠨ ᠪᠤᠷᠢᠶᠠᠳ ᠤᠨ 17 ᠨᠠᠰᠤᠲᠠᠢ ᠲᠠᠮᠢᠷᠴᠢᠨ ᠠ᠋ᠷᠳᠡᠮ ᠬᠤᠪᠤᠺᠱᠠᠨᠤᠪ ᠲᠦᠷᠦᠭᠦᠯᠡᠵᠡᠢ ᠃
ᠨᠡᠰᠦ ᠂ ᠬᠦᠢᠰᠦ ᠬᠠᠷᠠᠭᠠᠯᠵᠠᠬᠤ ᠦᠭᠡᠢ 202 ᠰᠢᠲᠠᠷᠠᠴᠢᠨ ᠣᠷᠣᠯᠴᠠᠵᠤ ᠶᠢᠰᠤᠨ ᠥᠷᠦᠭ ᠲᠣᠭᠯᠠᠭᠰᠠᠨ ᠡᠨᠡ ᠲᠡᠮᠡᠴᠡᠭᠡᠨ ᠳᠤ ᠲᠡᠷᠡ ᠪᠡᠷ ᠡᠬᠢᠨ ᠤ ᠳᠣᠯᠤᠭᠠᠨ ᠥᠷᠥᠭ ᠲᠤ ᠢᠯᠠᠵᠤ ᠂ ᠨᠠᠢ᠍ᠮᠠᠳᠤᠭᠠᠷ ᠥᠷᠥᠭ ᠲᠤ ᠰᠧᠸ᠋ᠳ᠋ᠸᠨ ᠦ ᠰᠢᠲᠠᠷᠠᠴᠢᠨ ᠳᠤ ᠬᠣᠵᠢᠭ᠌ᠳᠠᠭᠰᠠᠨ ᠪᠣᠯᠪᠠᠴᠤ ᠰᠡᠭᠦᠯ ᠦᠨ ᠥᠷᠥᠭ ᠲᠤ ᠴᠧᠾ ᠤᠨ ᠲᠠᠮᠢᠷᠴᠢᠨ ᠢ ᠢᠯᠠᠭᠰᠠᠨ ᠪᠡᠢᠢᠨ᠎ᠡ ᠃ ᠤᠯᠠᠮ ᠢᠶᠠᠷ ᠢᠵᠢᠯ 8 ᠤᠨᠤᠭ᠎ᠠ ᠲᠠᠢ ᠺᠠᠨᠠᠳᠠ ᠶᠢᠨ ᠰᠢᠲᠠᠷᠠᠴᠢᠨ ᠢ ᠬᠣᠵᠢᠵᠤ ᠡᠨᠡ ᠲᠡᠮᠡᠴᠡᠭᠡᠨ ᠳᠤ ᠲᠦᠷᠦᠭᠦᠯᠡᠵᠡᠢ ᠃ ᠨᠠᠰᠤᠨ ᠤ ᠠᠩᠭᠢᠯᠠᠯ ᠳᠤ ᠪᠠᠨ ᠠ᠋ᠷᠳᠡᠮ ᠥᠨᠥᠳᠥᠷ ᠪᠤᠶᠤ ᠳᠣᠯᠤᠭᠠᠨ ᠥᠷᠥᠭ ᠦᠨ ᠳᠠᠷᠠᠭ᠎ᠠ 4.5 ᠣᠨᠤᠭ᠎ᠠ ᠲᠠᠢ ᠪᠠᠷ 93 ᠲᠠᠮᠢᠷᠴᠢᠨ ᠠᠴᠠ 18 ᠳ᠋ᠤᠭᠠᠷ ᠪᠠᠢᠷᠢ ᠳᠤ ᠶᠠᠪᠤᠵᠤ ᠪᠡᠢᠢᠨ᠎ᠡ ᠃