ᠺᠠᠲ᠋ᠠᠷ ᠤᠯᠤᠰ ᠲᠤ Heyball ᠤᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠷᠪᠠᠳᠤᠭᠠᠷ ᠰᠠᠷ᠎ᠠ ᠶᠢᠨ 19-22 ᠤ ᠡᠳᠦᠷ ᠦᠳ ᠲᠦ ᠪᠤᠯᠵᠤ᠂ ᠮᠠᠨ ᠤ ᠤᠯᠤᠰ ᠠᠴᠠ ᠡ᠊ ∙ ᠲᠡᠮᠦᠵᠢᠨ᠂ ᠪ ∙ ᠨᠠᠷᠠᠨᠲᠤᠶᠠᠭ᠎ᠠ᠂ ᠪ ∙ ᠪᠠᠲᠤᠲᠤᠶᠠᠭᠠ᠂ ᠡ᠊ ∙ ᠠᠷᠢᠭᠤᠨᠴᠡᠴᠡᠭ ᠨᠠᠷ ᠦᠷᠢᠰᠦᠯᠳᠦᠭᠡᠳ ᠡ᠊∙ᠲᠡᠮᠦᠵᠢᠨ ᠠᠯᠲᠠᠨ ᠮᠧᠳᠠᠯ ᠬᠦᠷᠲᠡᠵᠦ᠂ ᠮᠣᠩᠭᠣᠯ ᠤᠯᠤᠰ ᠠᠴᠠ ᠪᠢᠯᠯᠢᠶᠠᠷᠳ᠋ ᠤᠨ ᠰᠫᠣᠷᠲ ᠤᠨ ᠠᠩᠬᠠᠨ ᠤ ᠠᠽᠢᠶ᠎ᠠ ᠲᠢᠪ ᠦᠨ ᠠᠪᠤᠷᠭᠤ ᠲᠦᠷᠦᠯ᠎ᠡ᠃
ᠡ᠊ ∙ ᠲᠡᠮᠦᠵᠢᠨ ᠡᠮᠦᠨ᠎ᠡ ᠨᠢ ᠠᠮᠧᠷᠢᠺᠠ ᠫᠦᠦᠯᠡ ᠪᠢᠯᠯᠢᠶᠠᠷᠳ᠋ ᠤᠨ ᠥᠰᠪᠦᠷᠢ ᠦᠶ᠎ᠡ ᠶᠢᠨ ᠬᠢᠨ ᠦ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠬᠣᠱᠣᠢ ᠮᠥᠩᠭᠥᠨ ᠮᠧᠳᠠᠯ ᠬᠦᠷᠲᠡᠭᠰᠡᠨ ᠪᠥᠭᠡᠳ 2024 ᠣᠨ ᠤ ᠰᠨᠢᠺᠧᠷ ᠪᠢᠯᠯᠢᠶᠠᠷᠳ᠋ ᠤᠨ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠠᠯᠲᠠᠨ ᠮᠧᠳᠠᠯ ᠬᠦᠷᠲᠡᠭᠰᠡᠨ ᠲᠠᠮᠢᠷᠴᠢᠨ ᠶᠤᠮ᠃