ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠠᠷᠠᠳ ᠤᠨ ᠵᠦᠴᠦᠭᠡᠴᠢᠨ ᠪ ∙ ᠵᠠᠩᠭᠠᠳ ᠠᠷᠠᠳ ᠲᠦᠮᠡᠨ ᠦ ᠳᠠᠭᠤᠯᠠᠬᠤ ᠳᠤᠷᠠᠲᠠᠢ 《ᠲᠤᠩᠭᠠᠯᠠᠭ ᠪᠤᠶᠠᠨᠲᠤ》ᠳᠠᠭᠤᠤ ᠶᠢ ᠠᠩᠬ᠎ᠠ ᠳᠠᠭᠤᠯᠠᠵᠤ᠂ ᠣᠯᠠᠨ ᠤ ᠬᠦᠷᠲᠡᠭᠡᠯ ᠪᠣᠯᠭᠠᠭᠰᠠᠨ ᠠᠴᠠ ᠬᠣᠶᠢᠰᠢ 70 ᠵᠢᠯ ᠥᠩᠭᠡᠷᠡᠴᠡᠢ᠃
70 ᠵᠢᠯ ᠦᠨ ᠣᠢ ᠶᠢᠨ ᠬᠦᠨᠳᠦᠳᠬᠡᠯ ᠦᠨ ᠠᠭᠤᠯᠵᠠᠯᠲᠠ ᠲᠣᠭᠯᠠᠯᠲᠠ ᠥᠨᠥᠳᠥᠷ ᠤᠯᠤᠰ ᠤᠨ ᠹᠢᠯᠠᠷᠮᠣᠨᠢ ᠳᠤ ᠪᠣᠯᠤᠯ᠎ᠠ᠃
ᠡᠨᠡ ᠦᠶ᠎ᠡ ᠪᠡᠷ ᠪ ∙ᠵᠠᠩᠭᠠᠳ ᠳᠠᠭᠤᠴᠢᠨ ᠤ ᠤᠷᠠᠨ ᠪᠦᠲᠦᠭᠡᠯ᠂ ᠨᠠᠮᠲᠠᠷ ᠤᠨ《ᠠᠶ᠎ᠠ ᠳᠠᠭᠤᠤ᠂ ᠠᠶᠢᠵᠠᠮ᠂ ᠡᠭᠡᠰᠢᠭ ᠦᠨ ᠨᠣᠶᠠᠨ ᠰᠦᠮᠪᠦᠷ ᠣᠷᠭᠢᠯ》ᠨᠣᠮ ᠤᠨ ᠨᠡᠭᠡᠭᠡᠯᠲᠡ ᠪᠣᠯᠤᠭᠰᠠᠨ ᠶᠤᠮ᠃ ᠴ∙ᠪᠠᠯᠳᠠᠨ ᠦᠭᠡ ᠶᠢ ᠪᠢᠴᠢᠵᠦ᠂ ᠳ ∙ᠯᠾᠠᠰᠢᠳ ᠠᠶ᠎ᠠ ᠶᠢ ᠵᠣᠬᠢᠶᠠᠭᠰᠠᠨ 《ᠲᠤᠩᠭᠠᠯᠠᠭ ᠪᠤᠶᠠᠨᠲᠤ》ᠳᠠᠭᠤᠤ ᠶᠢ ᠠᠩᠬ᠎ᠠ 1954 ᠣᠨ ᠳᠤ ᠤᠯᠠᠭᠠᠨᠪᠠᠭᠠᠲᠤᠷ ᠬᠤᠲᠠ ᠳᠤ ᠪᠣᠯᠤᠭᠰᠠᠨ ᠬᠣᠪᠳᠣ ᠠᠶᠢᠮᠠᠭ ᠤᠨ ᠰᠤᠶᠤᠯ ᠤᠨ ᠡᠳᠦᠷ ᠦᠳ ᠢᠶᠠᠷ ᠠᠩᠬ᠎ᠠ ᠳᠠᠭᠤᠯᠠᠵᠤ ᠲᠦᠮᠡᠨ ᠦ ᠬᠦᠷᠲᠡᠭᠡᠯ ᠪᠣᠯᠭᠠᠭᠰᠠᠨ ᠲᠤᠬᠠᠢ ᠪ ∙ ᠵᠠᠩᠭᠠᠳ ᠳᠠᠭᠤᠴᠢᠨ ᠳᠤᠷᠠᠰᠪᠠ᠃ ᠲᠤᠬᠠᠢ ᠶᠢᠨ ᠦᠶ᠎ᠡ ᠳᠦ ᠳᠠᠭᠤᠴᠢᠨ ᠮᠠᠨᠢ ᠬᠣᠪᠳᠣ ᠠᠶᠢᠮᠠᠭ ᠤᠨ ᠳᠤᠮᠳᠠᠳᠤ ᠰᠤᠷᠭᠠᠭᠤᠯᠢ ᠶᠢᠨ 8 ᠳ᠋ᠤᠭᠠᠷ ᠠᠩᠬᠢ ᠶᠢᠨ ᠰᠤᠷᠤᠭᠴᠢ ᠪᠠᠢᠵᠠᠢ᠃