ᠬᠠᠩᠭᠠᠷᠢ ᠳᠤ ᠠᠮᠢᠳᠤᠷᠠᠳᠠᠭ ᠮᠣᠩᠭᠣᠯ ᠵᠠᠯᠠᠭᠤᠴᠤᠳ ᠨᠡᠶᠢᠰᠯᠡᠯ ᠪᠤᠲᠠᠫᠧᠱᠲ ᠬᠤᠲᠠ ᠳᠤ ᠪᠤᠤᠵᠠᠨ ᠤ ᠺᠠᠹᠧ ᠨᠡᠭᠡᠭᠡᠭᠰᠡᠨ ᠨᠢ ᠦᠢᠯᠡᠴᠢᠯᠡᠭᠦᠯᠦᠭᠴᠢᠳ ᠶᠡᠬᠡ ᠲᠡᠢ ᠪᠠᠶᠢᠭ᠎ᠠ ᠲᠠᠯ᠎ᠠ ᠪᠠᠷ ᠲᠤᠰ ᠤᠯᠤᠰ ᠳᠠᠬᠢ ᠮᠠᠨ ᠤ ᠡᠬᠢ ᠰᠤᠷᠪᠤᠯᠵᠢ ᠮᠡᠳᠡᠭᠡᠯᠡᠯ᠎ᠡ᠃
ᠪᠤᠲᠠᠫᠧᠱᠲ ᠬᠣᠲᠠ ᠶᠢᠨ ᠳ᠋ᠤᠾᠠᠨᠢ ᠭᠤᠳᠤᠮᠵᠢᠨ ᠳᠤ ᠨᠢᠭᠡ ᠰᠠᠷ᠎ᠠ ᠶᠢᠨ ᠡᠮᠦᠨ᠎ᠡ ᠨᠡᠭᠡᠭᠡᠭᠳᠡᠭᠰᠡᠨ《Ganbuuz》ᠨᠡᠷ᠎ᠡ ᠲᠡᠢ ᠡᠨᠡ ᠺᠠᠹᠧ ᠳᠤ ᠦᠬᠡᠷ᠂ ᠬᠣᠨᠢ᠂ ᠭᠠᠬᠠᠢ᠂ ᠲᠠᠬᠢᠶᠠᠨ ᠤ ᠮᠢᠬ᠎ᠠ ᠪᠣᠯᠤᠨ ᠨᠣᠭᠣᠭ᠎ᠠ ᠲᠠᠢ ᠨᠡᠶᠢᠲᠡ ᠵᠢᠷᠭᠤᠭᠠᠨ ᠲᠥᠷᠥᠯ ᠦᠨ ᠡᠩ ᠦᠨ ᠬᠢᠭᠡᠳ ᠮᠠᠨᠲᠠᠤ ᠶᠢᠨ ᠪᠤᠤᠵᠠ᠂《ᠨᠡᠶᠢᠰᠯᠡᠯ》ᠵᠡᠷᠭᠡ ᠳᠥᠷᠪᠡᠨ ᠲᠥᠷᠥᠯ ᠦᠨ ᠰᠠᠯᠠᠲ ᠢᠶᠠᠷ ᠦᠢᠯᠡᠴᠢᠯᠡᠬᠦ ᠡᠴᠡ ᠭᠠᠳᠠᠨ᠎ᠠ ᠰᠦ ᠲᠡᠢ ᠴᠠᠢ ᠪᠠᠷ ᠦᠨ᠎ᠡ ᠦᠭᠡᠢ ᠳᠠᠢᠯᠠᠳᠠᠭ ᠪᠠᠶᠢᠨ᠎ᠠ᠃
《Ganbuuz》ᠨᠢ ᠪᠤᠲᠠᠫᠧᠱᠲ ᠬᠤᠲᠠ ᠳᠤ ᠪᠤᠢ ᠮᠣᠩᠭᠣᠯ ᠬᠣᠭᠣᠯᠠᠨ ᠤ ᠬᠤᠶᠠᠳᠠᠬᠢ ᠭᠠᠵᠠᠷ ᠪᠣᠯᠵᠤ ᠪᠠᠶᠢᠨ᠎ᠠ᠃ ᠡᠬᠢᠨ ᠦ ᠬᠢᠨᠢ ᠪᠣᠯᠬᠤ 《Mongolian Yurt Budapest》 ᠷᠧᠰᠲ᠋ᠣᠷᠠᠨ ᠨᠢ ᠥᠩᠭᠡᠷᠡᠭᠰᠡᠨ ᠣᠨ ᠤ ᠨᠢᠭᠡᠳᠦᠭᠡᠷ ᠰᠠᠷ᠎ᠠ ᠳᠤ ᠨᠡᠭᠡᠭᠡᠭᠳᠡᠵᠡᠢ᠃