ᠳᠤᠮᠲᠠᠭᠣᠪᠢ ᠠᠢᠮᠠᠭ ᠬᠣᠨᠢ ᠂ ᠲᠡᠮᠡᠭᠡᠨ ᠤ ᠨᠣᠣᠰᠤ ᠤᠭᠠᠬᠤ ᠦᠢᠯᠡᠳᠪᠦᠷᠢ ᠲᠠᠢ ᠪᠣᠯᠪᠠ | News.MN

ᠳᠤᠮᠲᠠᠭᠣᠪᠢ ᠠᠢᠮᠠᠭ ᠬᠣᠨᠢ ᠂ ᠲᠡᠮᠡᠭᠡᠨ ᠤ ᠨᠣᠣᠰᠤ ᠤᠭᠠᠬᠤ ᠦᠢᠯᠡᠳᠪᠦᠷᠢ ᠲᠠᠢ ᠪᠣᠯᠪᠠ

ᠳᠤᠮᠲᠠᠭᠣᠪᠢ ᠠᠢᠮᠠᠭ ᠤᠨ ᠲᠦᠪ ᠲᠦ ᠵᠢᠯ ᠳᠤ ᠪᠠᠨ 3000-4000 ᠲᠣᠨ ᠬᠣᠨᠢᠨ ᠤ ᠨᠣᠤᠰᠣ ᠂ 200-300 ᠲᠣᠨ ᠲᠡᠮᠡᠭᠡᠨ ᠤ ᠨᠣᠣᠰᠤ ᠤᠭᠠᠬᠤ ᠂ ᠰᠡᠮᠨᠡᠬᠤ ᠬᠦᠴᠦᠨ ᠴᠢᠳᠠᠯ ᠲᠠᠢ ᠦᠢᠯᠡᠳᠪᠦᠷᠢ ᠠᠵᠢᠯᠯᠠᠵᠤ ᠡᠬᠢᠯᠡᠯ᠎ᠡ ᠃《ᠶᠡᠭᠡ ᠣᠨᠢ》ᠺᠣᠮᠫᠠᠨᠢ ᠶᠢᠨ ᠪᠠᠷᠢᠭ᠌ᠰᠠᠨ ᠲᠤᠰ ᠦᠢᠯᠡᠳᠪᠦᠷᠢ ᠠᠢᠮᠠᠭ ᠤᠨ ᠢᠶᠠᠨ 15 ᠰᠤᠮᠤ ᠪᠤᠯᠦᠠ ᠵᠡᠷᠭᠡᠯᠡᠳᠡᠭᠡ᠎ ᠠᠢᠮᠠᠭ ᠤᠳ ᠠᠴᠠ ᠲᠦᠭᠦᠬᠡᠢ ᠡᠳ᠋ ᠢᠶᠡᠨ ᠬᠤᠳᠠᠯᠳᠤᠨ ᠠᠪᠳᠠᠭ ᠪᠡᠢᠢᠨ᠎ᠡ ᠃

ᠦᠢᠯᠡᠳᠪᠦᠷᠢᠯᠡᠯ ᠨᠢ  ᠨᠣᠤᠰᠣ  ᠪᠡᠨ ᠲᠠᠪᠤᠨ ᠳᠠᠮᠵᠢᠯᠭ᠎ᠠ ᠪᠠᠷ ᠤᠬᠢᠶᠠᠵᠤ ᠬᠠᠲᠠᠭᠠᠳᠠᠭ ᠃ ᠴᠢᠨᠠᠭᠰᠢᠯᠠᠭᠠᠳ ᠤᠬᠢᠶᠠᠵᠤ ᠪᠠᠢᠭ᠎ᠠ ᠨᠣᠣᠰᠣᠨ ᠤ ᠲᠣᠰᠤᠯᠢᠭ ᠂ ᠬᠣᠯᠢᠴᠠ ᠂ ᠰᠢᠷᠭᠡᠭ ᠂ ᠠᠲᠤᠷᠢᠶ᠎ᠠ ᠵᠡᠷᠭᠡ ᠶᠢ ᠴᠡᠬ ᠲᠤᠲᠤᠮ ᠳᠤ ᠰᠢᠨᠵᠢᠯᠡᠵᠦ ᠨᠣᠣᠰᠣᠨ ᠤ ᠴᠢᠨᠠᠷ ᠢ ᠲᠣᠳᠣᠷᠬᠠᠢᠯᠠᠬᠤ ᠯᠠᠪᠣᠷᠠᠲ᠋ᠣᠷᠢ ᠪᠠᠢᠭᠤᠯᠵᠤ ᠪᠠᠢᠭ᠎ᠠ ᠪᠠᠨ ᠲᠤᠰ ᠺᠣᠮᠫᠠᠨᠢ ᠶᠢᠨ ᠵᠠᠬᠢᠷᠤᠯ ᠳᠤᠷᠠᠳᠴᠠᠢ ᠃ ᠳᠤᠮᠲᠠᠭᠣᠪᠢ ᠠᠢᠮᠠᠭ 1.7 ᠰᠠᠶ᠎ᠠ ᠭᠠᠷᠤᠢ ᠬᠣᠨᠢ ᠲᠠᠢ ᠂ ᠮᠠᠯᠴᠢᠳ ᠨᠢ ᠵᠢᠯ ᠳᠤ ᠳᠤᠮᠳᠠᠴᠢ ᠪᠡᠷ 2.5 ᠲᠣᠨ ᠬᠣᠨᠢᠨ ᠤ ᠨᠣᠤᠰᠣ ᠰᠠᠮᠨᠠᠳᠠᠭ ᠪᠥᠭᠡᠳ ᠬᠣᠨᠢᠨ ᠤ ᠨᠣᠣᠰᠣᠨ ᠤ ᠨᠣᠯᠤᠤᠷᠯᠢᠭ ᠴᠢᠨᠠᠷ ᠦᠡᠳᠦᠷ  ᠳᠤ ᠲᠣᠭᠠᠴᠠᠭᠳᠠᠳᠠᠭ ᠃

 

ᠰᠡᠳᠬᠢᠭᠳᠡᠯ ᠦᠯᠡᠳᠡᠭᠡᠬᠦ