ᠤᠯᠠᠭᠠᠨᠪᠠᠭᠠᠲᠤᠷ ᠬᠣᠲᠠ ᠶ᠋ᠢᠨ ᠲᠥᠪ ᠬᠡᠰᠡᠭ᠂ ᠠᠨᠠᠭᠠᠬᠤ ᠶ᠋ᠢᠨ ᠰᠢᠨᠵᠢᠯᠡᠬᠦ ᠤᠬᠠᠭᠠᠨ ᠤ ᠦᠨᠳᠦᠰᠦᠨ ᠤ ᠶᠡᠬᠡ ᠰᠤᠷᠭᠠᠭᠤᠯᠢ ᠶ᠋ᠢᠨ ᠵᠡᠭᠦᠨ ᠬᠣᠲᠠᠬᠠᠨ ᠳᠤ ᠡᠷᠡᠭᠦᠯ ᠮᠡᠨᠳᠦ ᠶᠢᠨ ᠰᠢᠨᠵᠢᠯᠡᠬᠦ ᠤᠬᠠᠭᠠᠨ ᠦ ᠨᠣᠮ ᠤᠨ ᠰᠠᠩ ᠤᠨ ᠰᠢᠨ᠎ᠡ ᠪᠠᠷᠢᠯᠭ᠎ᠠ ᠠᠰᠢᠭᠯᠠᠯᠲᠠ ᠳ᠋ᠤ᠌ ᠣᠷᠣᠵᠠᠢ᠃ ᠨᠤᠮ ᠤᠨ ᠰᠠᠩ ᠳᠥᠷᠪᠡᠨ ᠳᠠᠪᠬᠤᠷ ᠣᠷᠴᠢᠨ ᠦᠶ᠎ᠡ ᠶ᠋ᠢᠨ ᠲᠣᠬᠢᠵᠢᠯᠲᠠᠲᠠᠢ ᠪᠠᠷᠢᠯᠭ᠎ᠠ ᠪᠥᠭᠡᠳ ᠬᠣᠶᠠᠷ ᠤᠩᠰᠢᠯᠭ᠎ᠠ ᠶ᠋ᠢᠨ ᠲᠣᠮᠣ ᠲᠠᠩᠬᠢᠮᠲᠠᠢ᠂ ᠨᠢᠭᠡ ᠳᠣᠣᠷ᠎ᠠ 480 ᠤᠩᠰᠢᠭᠴᠢ ᠬᠦᠯᠢᠶᠡᠨ ᠠᠪᠬᠤ ᠬᠦᠴᠦᠨ ᠴᠢᠳᠠᠯ ᠲᠠᠢ᠃
ᠲᠡᠨᠳᠡ 100 ᠮᠢᠩᠭ᠎ᠠ ᠭᠠᠷᠤᠢ ᠨᠣᠮ᠂ ᠰᠤᠷᠬᠤ ᠪᠢᠴᠢᠭ ᠦᠨ ᠬᠠᠳᠠᠭᠠᠯᠠᠮᠵᠢᠲᠠᠢ ᠠᠴᠠ ᠭᠠᠳᠠᠨ᠎ᠠ ᠤᠩᠰᠢᠯᠭ᠎ᠠ ᠶ᠋ᠢᠨ ᠲᠠᠩᠬᠢᠮ ᠤᠳ ᠨᠢ 24 ᠴᠠᠭ ᠢᠶᠠᠷ ᠠᠵᠢᠯᠯᠠᠬᠤ ᠪᠣᠯᠤᠮᠵᠢ ᠲᠠᠢ᠃ ᠡᠢᠮᠤ ᠠᠴᠠ ᠳᠤᠲᠤᠷ᠎ᠠ ᠪᠠᠨ ᠠᠮᠠᠷᠠᠬᠤ ᠬᠡᠰᠡᠭ᠂ ᠴᠠᠢ ᠶᠢᠨ ᠥᠷᠥᠭᠡ᠂ ᠨᠣᠮ ᠰᠡᠯᠪᠢᠨ ᠵᠠᠰᠠᠬᠤ ᠥᠷᠥᠭᠡ᠂ ᠺᠣᠹᠧ ᠱᠣᠫ ᠵᠡᠷᠭᠡ ᠶ᠋ᠢ ᠴᠣᠭᠴᠠ ᠪᠠᠷ ᠨᠢ ᠰᠢᠢᠳᠦᠭᠰᠡᠨ ᠪᠠᠶᠢᠨ᠎ᠠ᠃