ᠳᠣᠷᠣᠨᠠᠲᠤ ᠠᠶᠢᠮᠠᠭ ᠤᠨ ᠮᠠᠲᠠᠳ ᠰᠤᠮᠤ ᠶ᠋ᠢᠨ ᠨᠤᠲᠤᠭ ᠲᠤ ᠣᠷᠣᠰᠢᠬᠤ ᠮᠡᠨᠡᠩ ᠤᠨ ᠲᠠᠯ᠎ᠠ ᠴᠥᠯᠵᠢᠯᠲᠡᠶ᠋ᠢᠨ ᠰᠤᠯᠠ ᠪᠤᠶᠤ ᠳᠤᠮᠳᠠ ᠵᠡᠷᠭᠡᠯᠡᠯ ᠳ᠋ᠦ᠍ ᠪᠠᠭᠲᠠᠵᠤ ᠪᠠᠶᠢᠨ᠎ᠠ᠃ 2010 ᠣᠨᠳ᠋ᠤ᠌ ᠬᠢᠭᠰᠡᠨ ᠰᠤᠳᠤᠯᠭ᠎ᠠ ᠪᠠᠷ ᠮᠡᠨᠡᠩ ᠤᠨ ᠲᠠᠯ᠎ᠠ ᠨᠤᠲᠤᠭ ᠴᠥᠯᠵᠢᠯᠲᠡ ᠳᠤ ᠨᠡᠩ ᠬᠦᠴᠦᠲᠡᠢ ᠥᠷᠲᠥᠵᠦ ᠪᠠᠶᠢᠭ᠎ᠠ ᠶ᠋ᠢ ᠲᠣᠭᠲᠠᠭᠠᠵᠤ ᠪᠠᠶᠢᠭᠰᠠᠨ ᠪᠣᠯ 2020 ᠣᠨ ᠤ ᠰᠤᠳᠤᠯᠭ᠎ᠠ ᠪᠠᠷ ᠰᠤᠯᠠ ᠲᠦᠪᠰᠢᠨᠳ᠋ᠦ᠍ ᠪᠠᠶᠢᠨ᠎ᠠ ᠭᠡᠵᠦ ᠦᠵᠡᠵᠡᠢ᠃
ᠳᠣᠷᠣᠨᠠᠲᠤ ᠠᠶᠢᠮᠠᠭ 123 ᠮᠢᠩᠭᠠᠨ ᠬᠠᠪᠲᠠᠭᠠᠢ ᠳᠥᠷᠪᠡᠯᠵᠢᠨ ᠺᠢᠯᠤᠮᠧᠲᠷ ᠨᠤᠲᠤᠭ ᠳᠡᠪᠢᠰᠬᠡᠷ ᠲᠡᠢ᠃ ᠡᠭᠦᠨ ᠤ 57 ᠬᠤᠪᠢ ᠨᠢ ᠴᠥᠯᠵᠢᠯᠲᠡ ᠳᠤ ᠣᠭᠲᠣ ᠨᠡᠷᠪᠡᠭᠳᠡᠭᠡ ᠦᠭᠡᠢ᠂ 37.5 ᠬᠤᠪᠢ ᠳ᠋ᠤ᠌ ᠰᠤᠯᠠ᠂ 2.3 ᠬᠤᠪᠢ ᠳ᠋ᠤ᠌ ᠳᠤᠮᠳᠠ ᠵᠡᠷᠭᠡ ᠶ᠋ᠢᠨ ᠴᠥᠯᠵᠢᠯᠲᠡ ᠮᠡᠳᠡᠷᠡᠭᠳᠡᠵᠦ ᠡᠬᠢᠯᠡᠭᠰᠡᠨ ᠪᠠᠶᠢᠨ᠎ᠠ᠃