ᠨᠡᠶᠢᠰᠯᠡᠯ ᠤᠨ ᠰᠤᠩᠭᠢᠨ᠎ᠡ ᠬᠠᠢᠷᠬᠠᠨ ᠲᠡᠭᠦᠷᠭᠡ ᠶ᠋ᠢᠨ ᠣᠷᠣᠨ ᠪᠠᠶᠢᠷᠢ ᠶ᠋ᠢᠨ ᠬᠤᠯᠠᠭᠠᠢ ᠶ᠋ᠢᠨ ᠠᠪᠤᠷᠠᠭᠴᠢ ᠨᠣᠬᠠᠢ ᠬᠥᠲᠥᠯᠦᠭᠴᠢ ᠦ∙ ᠪᠠᠲᠤᠪᠠᠶᠠᠷ᠂ ᠡᠷᠢᠯᠴᠢ ᠨᠣᠬᠠᠢ ᠶ᠋ᠢᠨ ᠬᠠᠮᠲᠤ ᠡᠮᠡᠭᠡᠯᠲᠦ ᠶ᠋ᠢᠨ ᠫᠣᠰᠲ ᠲᠤ ᠠᠵᠢᠯᠯᠠᠬᠤ ᠳ᠋ᠤ᠌ ᠪᠠᠨ ᠲᠡᠭᠡᠭᠡᠪᠦᠷᠢ ᠶ᠋ᠢᠨ ᠬᠡᠷᠡᠭᠰᠡᠯ ᠳ᠋ᠦ᠍ 10 ᠭᠠᠷᠤᠢ ᠲᠠᠷᠪᠠᠭᠠᠨ ᠤ ᠮᠢᠬ᠎ᠠ ᠲᠡᠭᠡᠭᠡᠪᠤᠷᠢᠯᠡᠵᠦ ᠪᠠᠶᠢᠭᠰᠠᠨ ᠢ ᠢᠯᠡᠷᠡᠭᠦᠯᠵᠡᠢ᠃
ᠲᠠᠷᠪᠠᠭᠠᠨ ᠲᠠᠬᠤᠯ ᠪᠣᠯᠤᠨ ᠬᠥᠮᠦᠨ᠂ ᠮᠠᠯ ᠤᠨ ᠭᠣᠴᠣ ᠬᠠᠯᠳᠠᠪᠤᠷᠢᠲᠤ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ ᠠᠵᠢᠯ ᠢ ᠡᠷᠴᠢᠮᠵᠢᠭᠦᠯᠬᠦ ᠬᠦᠷᠢᠶᠡᠨᠳ᠋ᠦ᠍ ᠠᠦ᠋ᠲ᠋ᠣ᠋ ᠲᠡᠭᠡᠭᠡᠪᠦᠷᠢ ᠶ᠋ᠢᠨ ᠰᠢᠯᠭᠠᠨ ᠨᠡᠪᠲᠡᠷᠡᠭᠦᠯᠬᠦ ᠲᠣᠪᠴᠢᠶᠠᠳ ᠲᠤ᠌ ᠮᠡᠷᠭᠡᠵᠢᠯ ᠤᠨ ᠪᠠᠶᠢᠭᠤᠯᠤᠯᠭ᠎ᠠ ᠨᠤᠭᠤᠳ ᠤᠨ ᠠᠯᠪᠠ ᠬᠠᠭᠠᠭᠴᠢᠳ 24 ᠴᠠᠭ ᠢᠶᠠᠷ ᠡᠭᠦᠷᠭᠡ ᠭᠦᠢᠴᠡᠳᠬᠡᠵᠦ ᠪᠠᠶᠢᠭ᠎ᠠ ᠶ᠋ᠢ ᠤᠨᠴᠠᠭᠠᠢ ᠪᠠᠢᠳᠠᠯ ᠤᠨ ᠶᠡᠷᠦᠩᠬᠡᠢ ᠭᠠᠵᠠᠷ ᠮᠡᠳᠡᠭᠡᠯᠡᠪᠡ᠃