ᠣᠷᠣᠰ ᠤᠨ ᠬᠣᠯᠪᠣᠭᠠᠨ ᠤ ᠤᠯᠤᠰ ᠤᠨ ᠪᠤᠷᠢᠶᠠᠳ ᠤᠯᠤᠰ ᠲᠤ ᠡᠨᠡ ᠰᠠᠷ᠎ᠠ ᠶᠢᠨ 9-10 ᠤ ᠡᠳᠦᠷ ᠦᠳ ᠲᠦ ᠪᠣᠯᠤᠭᠰᠠᠨ ᠲᠠᠪᠤᠳᠠᠬᠢ ᠤᠳᠠᠭ᠎ᠠ ᠶᠢᠨ《ᠴᠢᠰᠲ᠋ᠢ ᠪᠠᠢᠭᠠᠯ》ᠪᠤᠶᠤ《ᠴᠡᠩᠭᠡᠭ ᠪᠠᠶᠢᠭᠠᠯ》ᠤᠷᠤᠯᠳᠤᠭᠠᠨ ᠤ ᠬᠠᠭᠠᠰ ᠪᠣᠯᠤᠨ ᠪᠦᠲᠦᠨ ᠮᠠᠷᠠᠹᠣᠨ ᠤ ᠲᠥᠷᠥᠯ ᠳᠦ ᠮᠣᠩᠭᠣᠯᠴᠤᠳ ᠲᠦᠷᠦᠭᠦᠯᠡᠯ᠎ᠡ᠃
ᠬᠠᠭᠠᠰ ᠮᠠᠷᠠᠹᠣᠨ ᠪᠤᠶᠤ 21.1 ᠺᠢᠯᠣᠮᠧᠲ᠋ᠷ ᠤᠨ ᠵᠠᠢ ᠳᠤ ᠳ∙ᠭᠠᠩᠲᠤᠯᠭ᠎ᠠ 1᠄07᠄30 ᠴᠠᠭ ᠲᠤ ᠪᠠᠷᠢᠶᠠᠨ ᠳᠤ ᠣᠷᠣᠵᠤ ᠲᠦᠷᠦᠭᠦᠯᠡᠭᠰᠡᠨ ᠪᠣᠯ ᠲᠡᠭᠦᠨ ᠦ ᠠᠷᠤ ᠠᠴᠠ ᠵ ∙ ᠮᠢᠭᠮᠠᠷᠰᠦ᠋ᠷᠦᠩ 1᠄12᠄00 ᠴᠠᠭ ᠲᠤ ᠪᠠᠷᠢᠶᠠᠨ ᠳᠤ ᠣᠷᠣᠵᠤ ᠳᠡᠳ᠋ ᠪᠠᠶᠢᠷᠢ ᠡᠵᠡᠯᠡᠭᠰᠡᠨ ᠪᠠᠶᠢᠨ᠎ᠠ᠃ ᠪᠦᠲᠦᠨ ᠮᠠᠷᠠᠹᠣᠨ ᠪᠤᠶᠤ 42.2 ᠺᠢᠯᠣᠮᠧᠲ᠋ᠷ ᠤᠨ ᠵᠠᠢ ᠳᠤ ᠭ ∙ᠪᠠᠲᠤᠡᠷᠳᠡᠨᠢ 2᠄23᠄15 ᠳᠦ ᠪᠠᠷᠢᠶᠠᠨ ᠳᠤ ᠣᠷᠣᠵᠤ ᠲᠦᠷᠦᠭᠦᠯᠡᠯ᠎ᠡ᠃