ᠬᠦᠮᠦᠨ ᠲᠥᠷᠥᠯᠬᠢᠲᠡᠨ ᠦ ᠡᠪ ᠨᠠᠶᠢᠷᠠᠮᠳᠠᠯ ᠤᠨ ᠪᠡᠯᠭᠡ ᠲᠡᠮᠳᠡᠭ ᠪᠣᠯᠤᠭᠰᠠᠨ ᠵᠤᠨ ᠤ ᠰᠫᠣᠷᠲ ᠤᠨ ᠭᠤᠴᠢᠨ ᠭᠤᠷᠪᠠᠳᠤᠭᠠᠷ ᠨᠠᠭᠠᠳᠤᠮ 16 ᠬᠣᠨᠣᠭ ᠤᠨ ᠲᠤᠷᠰᠢ ᠦᠷᠭᠦᠯᠵᠢᠯᠡᠵᠦ ᠬᠦᠰᠢᠭᠡ ᠪᠡᠨ ᠬᠠᠭᠠᠯ᠎ᠠ᠃ ᠡᠨᠡ ᠤᠳᠠᠭ᠎ᠠ ᠶᠢᠨ ᠤᠯᠢᠮᠫᠢᠺ ᠤᠨ ᠨᠠᠭᠠᠳᠤᠮ ᠳᠤ ᠳᠡᠯᠡᠬᠡᠢ ᠶᠢᠨ 206 ᠣᠷᠣᠨ ᠤ 10500 ᠲᠠᠮᠢᠷᠴᠢᠨ ᠬᠤᠷᠳᠤ᠂ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠪᠡ᠃
ᠡᠭᠦᠨ ᠡᠴᠡ ᠠᠮᠧᠷᠢᠺᠠ ᠶᠢᠨ ᠨᠢᠭᠡᠳᠦᠭᠰᠡᠨ ᠤᠯᠤᠰ 40 ᠠᠯᠲᠠ᠂ 44 ᠮᠥᠩᠭᠥ᠂ 42 ᠬᠦᠷᠡᠯ ᠪᠤᠶᠤ ᠨᠡᠶᠢᠲᠡ 126 ᠮᠧᠳᠠᠯ ᠬᠦᠷᠲᠡᠭᠰᠡᠨ ᠠᠮᠵᠢᠯᠲᠠ ᠪᠠᠷ ᠢᠶᠠᠨ ᠲᠡᠷᠢᠭᠦᠯᠡᠯ᠎ᠡ᠃ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ 40 ᠠᠯᠲᠠ᠂ 27 ᠮᠥᠩᠭᠥ᠂ 24 ᠬᠦᠷᠡᠯ ᠮᠧᠳᠠᠯ ᠲᠠᠢ ᠪᠠᠷ ᠤᠳᠠᠭᠠᠯᠠᠭᠰᠠᠨ ᠪᠣᠯ ᠶᠠᠫᠣᠨᠴᠤᠳ 20 ᠠᠯᠲᠠ᠂ 12 ᠮᠥᠩᠭᠥ᠂ 13 ᠬᠦᠷᠡᠯ᠂ ᠨᠡᠶᠢᠲᠡ 45 ᠮᠧᠳᠠᠯ ᠲᠠᠢ ᠪᠠᠷ ᠭᠤᠷᠪᠠ ᠳᠤ ᠵᠢᠭᠰᠠᠪᠠ᠃ ᠲᠡᠭᠡᠪᠡᠯ ᠠᠦᠢᠰᠲᠷᠠᠯᠢᠶ᠎ᠠ ᠪᠣᠯᠤᠨ ᠡᠵᠡᠨ ᠣᠷᠣᠨ ᠹᠷᠠᠨᠼᠢ ᠡᠬᠢᠨ ᠦ ᠲᠠᠪᠤ ᠳᠤ ᠪᠠᠭᠲᠠᠯᠠ᠃
ᠮᠠᠨ ᠤ ᠤᠯᠤᠰ ᠠᠴᠠ 32 ᠲᠠᠮᠢᠷᠴᠢᠨ ᠥᠷᠢᠰᠦᠯᠳᠦᠬᠦ ᠳᠦ ᠵᠢᠦ᠋ᠳᠣ᠋ ᠪᠥᠬᠡ ᠶᠢᠨ ᠡᠮᠡᠭᠲᠡᠶᠢᠴᠦᠳ ᠦᠨ 48 ᠺᠢᠯᠦᠭᠷᠡᠮ ᠳᠦ ᠪ ∙ ᠪᠠᠰᠠᠩᠬᠦᠦ ᠮᠥᠩᠭᠥᠨ ᠮᠧᠳᠠᠯ ᠬᠦᠷᠲᠡᠵᠦ᠂ ᠪᠢᠳᠡ ᠡᠨᠡ ᠠᠮᠵᠢᠯᠲᠠ ᠪᠠᠷ ᠢᠶᠠᠨ 74 ᠳ᠋ᠦ᠋ᠭᠡᠷ ᠲᠦ ᠡᠷᠡᠮᠪᠡᠯᠡᠭᠳᠡᠯᠡ᠃