ᠬᠥᠪᠰᠥᠭᠥᠯ ᠨᠠᠭᠤᠷ ᠤᠨ ᠡᠺᠣ ᠰᠢᠰᠲ᠋ᠧᠮ ᠢ ᠬᠠᠮᠠᠭᠠᠯᠠᠬᠤ᠂ ᠨᠠᠭᠤᠷ ᠤᠨ ᠢᠷᠤᠭᠠᠷ ᠤᠨ ᠠᠶᠤᠯ ᠲᠠᠢ ᠬᠣᠭ ᠬᠠᠶᠠᠭᠳᠠᠯ ᠢ ᠴᠡᠪᠡᠷᠯᠡᠬᠦ᠂ ᠪᠤᠬᠢᠷᠳᠤᠯ ᠢ ᠪᠠᠭᠠᠰᠬᠠᠬᠤ ᠪᠠᠷ ᠵᠢᠪᠤᠭ᠍ᠰᠡᠨ ᠲᠡᠭᠡᠭᠡᠪᠦᠷᠢ ᠶᠢᠨ ᠬᠡᠷᠡᠭᠰᠡᠯ ᠢ ᠢᠯᠡᠷᠡᠭᠦᠯᠬᠦ᠂ ᠪᠠᠶᠢᠷᠢᠰᠢᠯ ᠢ ᠲᠣᠭᠲᠠᠭᠠᠬᠤ᠂ ᠲᠠᠲᠠᠨ ᠭᠠᠷᠭᠠᠬᠤ ᠠᠵᠢᠯ ᠦᠷᠭᠦᠯᠵᠢᠯᠡᠵᠦ ᠪᠠᠶᠢᠨ᠎ᠠ᠃
ᠲᠡᠳᠡ 44 ᠵᠢᠯ ᠦᠨ ᠡᠮᠦᠨ᠎ᠡ ᠪᠤᠶᠤ 1980 ᠣᠨ ᠤ ᠳᠦᠷᠪᠡᠳᠦᠭᠡᠷ ᠰᠠᠷ᠎ᠠ ᠳᠤ ᠬᠥᠪᠰᠥᠭᠥᠯ ᠨᠠᠭᠤᠷ ᠤᠨ ᠳᠦᠪᠦᠷᠯᠢᠭ ᠠᠭᠤᠯᠠ᠂ ᠬᠡᠷᠢᠶᠡᠨ ᠦ ᠡᠭᠦᠷ ᠣᠷᠴᠢᠮ ᠳᠤ ᠵᠢᠪᠤᠭ᠍ᠰᠡᠨ УАЗ-469 ᠵᠠᠭᠪᠤᠷ ᠤᠨ ᠮᠠᠰᠢᠨ ᠲᠡᠷᠭᠡ ᠶᠢ 171 ᠮᠧᠲ᠋ᠷ ᠦᠨ ᠭᠦᠨ ᠡᠴᠡ ᠲᠤᠰᠬᠠᠢ ᠲᠧᠭᠨᠢᠭ ᠬᠡᠷᠡᠭᠰᠡᠯ ᠠᠰᠢᠭᠯᠠᠨ ᠠᠮᠵᠢᠯᠲᠠ ᠲᠠᠢ ᠲᠠᠲᠠᠨ ᠭᠠᠷᠭᠠᠯ᠎ᠠ᠃