ᠫᠠᠷᠢᠰ ᠤᠨ ᠤᠯᠢᠮᠫᠢᠺ ᠤᠨ ᠪᠣᠺᠰ ᠤᠨ ᠲᠥᠷᠥᠯ ᠳᠦ ᠮᠠᠨ ᠤ ᠤᠯᠤᠰ ᠠᠴᠠ ᠬᠣᠶᠠᠷ ᠡᠮᠡᠭᠲᠡᠢ ᠲᠠᠮᠢᠷᠴᠢᠨ ᠥᠷᠢᠰᠦᠯᠳᠦᠵᠦ ᠪᠠᠶᠢᠭ᠎ᠠ ᠶᠢᠨ ᠨᠢᠭᠡ ᠨᠢ ᠮ ∙ ᠡᠩᠬᠡᠵᠢᠷᠭᠠᠯ᠃ ᠲᠤᠯᠤᠭᠠᠨ ᠤ ᠡᠬᠢᠨ ᠦ ᠦᠶ᠎ᠡ ᠳᠦ ᠮᠠᠨ ᠤ ᠪᠣᠺᠰᠴᠢᠨ 3᠄2 ᠢᠶᠡᠷ ᠢᠯᠠᠭᠳᠠᠭᠰᠠᠨ᠃ ᠭᠡᠪᠡᠴᠦ ᠬᠣᠶᠠᠷ ᠪᠣᠯᠤᠨ ᠭᠤᠷᠪᠠᠳᠤᠭᠠᠷ ᠦᠶ᠎ᠡ ᠳᠦ ᠢᠯᠡᠭᠦᠦ ᠰᠠᠨᠠᠭᠠᠴᠢᠯᠠᠭ᠎ᠠ ᠲᠠᠢ᠂ ᠣᠨᠣᠪᠴᠢᠲᠠᠢ ᠴᠣᠬᠢᠯᠲᠠ ᠲᠠᠢ᠂ ᠳᠠᠶᠢᠴᠢᠨ ᠪᠠᠶᠢᠭᠰᠠᠨ ᠤ ᠳ᠋ᠦᠩ ᠳᠦ 4᠄1 ᠪᠡᠷ ᠢᠯᠠᠵᠤ᠂ ᠰᠢᠪᠦᠭᠡ ᠶᠢᠨ ᠨᠠᠢ᠌ᠮᠠ ᠳᠤ ᠰᠢᠯᠭᠠᠷᠠᠯ᠎ᠠ᠃
ᠣᠳᠣ ᠲᠡᠷᠡ ᠤᠯᠢᠮᠫᠢᠺ ᠤᠨ ᠬᠦᠷᠡᠯ ᠮᠧᠳᠠᠯ ᠤᠨ ᠲᠥᠯᠥᠭᠡ 2022 ᠣᠨ ᠤ ᠳᠡᠯᠡᠬᠡᠢ ᠶᠢᠨ ᠠᠪᠤᠷᠭᠤ ᠲᠦᠷᠺ ᠦᠨ ᠲᠠᠮᠢᠷᠴᠢᠨ ᠬᠠᠲ᠋ᠢᠴ ᠠᠺᠪᠠᠰ ᠲᠠᠢ ᠲᠤᠯᠤᠯᠳᠤᠨ᠎ᠠ᠃ ᠲᠡᠭᠦᠨ ᠢ ᠢᠯᠠᠪᠠᠯ ᠣᠯᠢᠮᠫ ᠤᠨ ᠨᠠᠭᠠᠳᠤᠮ ᠠᠴᠠ ᠮᠧᠳᠠᠯ ᠬᠦᠷᠲᠡᠭᠰᠡᠨ ᠮᠣᠩᠭᠣᠯ ᠤᠨ ᠠᠩᠬᠠᠨ ᠤ ᠡᠮᠡᠭᠲᠡᠢ ᠲᠠᠮᠢᠷᠴᠢᠨ ᠪᠣᠯᠬᠤ ᠶᠤᠮ᠃ ᠲᠤᠯᠤᠭᠠᠨ ᠨᠠᠢ᠌ᠮᠠᠳᠤᠭᠠᠷ ᠰᠠᠷ᠎ᠠ ᠶᠢᠨ ᠨᠢᠭᠡᠨ ᠳᠦ ᠪᠤᠯᠤᠨ᠎ᠠ᠃