ᠳᠤᠮᠳᠠᠭᠤᠪᠢ ᠠᠶᠢᠮᠠᠭ ᠤᠨ ᠳᠡᠷᠡᠨ ᠰᠤᠮᠤ ᠶᠢᠨ 100 ᠵᠢᠯ ᠦᠨ ᠣᠢ ᠡᠨᠡ ᠵᠢᠯ ᠲᠣᠬᠢᠶᠠᠵᠤ᠂ ᠪᠠᠶᠠᠷ ᠨᠠᠭᠠᠳᠤᠮ ᠢᠶᠠᠨ ᠡᠨᠡ ᠰᠠᠷ᠎ᠠ ᠶᠢᠨ 22-25 ᠤ ᠡᠳᠦᠷ ᠦᠳ ᠲᠦ ᠲᠡᠮᠳᠡᠭᠯᠡᠬᠦ ᠪᠡᠷ ᠪᠡᠯᠡᠳᠬᠡᠯ ᠠᠵᠢᠯ ᠢᠶᠠᠨ ᠬᠠᠩᠭᠠᠵᠤ ᠪᠠᠶᠢᠨ᠎ᠠ᠃
ᠪᠡᠯᠡᠳᠬᠡᠯ ᠠᠵᠢᠯ ᠤᠨ ᠬᠦᠷᠢᠶᠡᠨ ᠳᠦ ᠤᠯᠠᠭᠠᠨ ᠪᠤᠯᠤᠩ – Red сorner ᠲᠥᠰᠥᠯ ᠦᠨ ᠤᠷᠠᠨ ᠪᠦᠲᠦᠭᠡᠯᠴᠢᠳ 25 ᠠᠶᠢᠯ ᠤᠨ ᠬᠠᠰᠢᠶᠠᠨ ᠤ ᠬᠠᠭᠠᠯᠭ᠎ᠠ᠂ 9 ᠠᠶᠢᠯ ᠤᠨ ᠬᠠᠰᠢᠶᠠᠨ ᠤ ᠬᠠᠵᠠᠭᠤ ᠬᠠᠨ᠎ᠠ ᠶᠢ ᠪᠤᠳᠤᠵᠤ᠂ ᠬᠠᠰᠢᠶᠠᠨ ᠳᠡᠭᠡᠷ᠎ᠡ ᠨᠢ ᠥᠪ ᠰᠤᠶᠤᠯ ᠢᠶᠠᠨ ᠬᠠᠳᠠᠭᠠᠯᠠᠭᠰᠠᠨ ᠬᠡ ᠪᠣᠯᠤᠨ ᠠᠳᠤᠭᠤ᠂ ᠲᠡᠮᠡᠭᠡᠨ ᠦ ᠰᠤᠶᠤᠯ᠂ ᠠᠬᠤᠢ ᠶᠢ ᠬᠠᠷᠠᠭᠤᠯᠤᠭᠰᠠᠨ ᠵᠢᠷᠤᠭ ᠤᠳ ᠵᠢᠷᠤᠵᠠᠢ᠃
ᠡᠨᠡ ᠵᠢᠯ ᠳᠤᠮᠳᠠᠭᠤᠪᠢ ᠠᠶᠢᠮᠠᠭ ᠤᠨ ᠨᠠᠢ᠌ᠮᠠᠨ ᠰᠤᠮᠤ 100 ᠵᠢᠯ ᠦᠨ ᠣᠢ ᠪᠠᠨ ᠲᠡᠮᠳᠡᠭᠯᠡᠨ᠎ᠡ᠃ ᠰᠤᠮᠤ ᠪᠦᠷᠢ ᠣᠢ ᠪᠠᠨ ᠤᠭᠲᠤᠨ ᠲᠣᠳᠣᠷᠬᠠᠢ ᠬᠡᠮᠵᠢᠶᠡᠨ ᠦ ᠪᠦᠲᠦᠭᠡᠨ ᠪᠠᠶᠢᠭᠤᠯᠤᠯᠲᠠ ᠬᠢᠵᠦ᠂ ᠰᠤᠮᠤ ᠶᠢᠨ ᠢᠶᠠᠨ ᠥᠩᠭᠡ ᠲᠥᠷᠬᠥ ᠶᠢ ᠰᠠᠶᠢᠵᠢᠷᠠᠭᠤᠯᠵᠤ ᠪᠠᠶᠢᠭ᠎ᠠ ᠬᠡᠳᠦᠢ ᠴᠤ ᠳᠡᠷᠡᠨ ᠰᠤᠮᠤ ᠠᠴᠠ ᠥᠭᠡᠷ᠎ᠡ ᠬᠠᠮᠢᠭ᠎ᠠ ᠴᠤ ᠬᠠᠰᠢᠶ᠎ᠠ ᠪᠠᠨ ᠡᠶᠢᠨᠬᠦᠦ ᠤᠷᠠᠯᠢᠭ ᠤᠨ ᠪᠦᠲᠦᠭᠡᠯ ᠪᠣᠯᠭᠠᠭᠰᠠᠨ ᠦᠭᠡᠢ ᠶᠤᠮ᠃
Нэргүй 2024-07-22 66.181.190.216
ᠡᠢᠢᠨᠬᠦ