ᠬᠡᠦᠬᠡᠳ ᠬᠦᠴᠦᠨᠳᠦᠭᠰᠡᠨ ᠡᠲᠡᠭᠡᠳ ᠦᠨ ᠬᠤᠪᠢ ᠶᠢᠨ ᠮᠡᠳᠡᠭᠡᠯᠡᠯ ᠢ ᠨᠡᠶᠢᠲᠡ ᠳᠦ ᠮᠡᠳᠡᠭᠡᠯᠡᠨ᠎ᠡ | News.MN

ᠬᠡᠦᠬᠡᠳ ᠬᠦᠴᠦᠨᠳᠦᠭᠰᠡᠨ ᠡᠲᠡᠭᠡᠳ ᠦᠨ ᠬᠤᠪᠢ ᠶᠢᠨ ᠮᠡᠳᠡᠭᠡᠯᠡᠯ ᠢ ᠨᠡᠶᠢᠲᠡ ᠳᠦ ᠮᠡᠳᠡᠭᠡᠯᠡᠨ᠎ᠡ

ᠴᠠᠭᠳᠠᠭ᠎ᠠ ᠶᠢᠨ ᠪᠠᠶᠢᠭᠤᠯᠤᠯᠭ᠎ᠠ ᠠᠴᠠ ᠪᠠᠭ᠎ᠠ ᠨᠠᠰᠤᠨ ᠤ ᠬᠡᠦᠬᠡᠳ ᠢ ᠰᠠᠲᠤᠷᠯᠠᠬᠤ᠂ ᠬᠦᠮᠦᠨ ᠬᠤᠳᠠᠯᠳᠤᠭᠠᠯᠠᠬᠤ᠂ ᠪᠡᠯᠭᠡ ᠶᠢᠨ ᠮᠥᠯᠵᠢᠯᠭᠡ ᠶᠢᠨ ᠭᠡᠮᠲᠦ ᠬᠡᠷᠡᠭ ᠲᠦ ᠶᠠᠯ᠎ᠠ ᠠᠪᠤᠭᠰᠠᠨ ᠡᠲᠡᠭᠡᠳ ᠦᠳ ᠦᠨ ᠬᠤᠪᠢ ᠶᠢᠨ ᠮᠡᠳᠡᠭᠡᠯᠡᠯ ᠢ ᠠᠭᠤᠯᠤᠭᠰᠠᠨ ᠴᠠᠬᠢᠮ ᠬᠠᠭᠤᠳᠠᠰᠤ ᠨᠡᠭᠡᠭᠡᠨ᠂ ᠡᠨᠡ ᠲᠥᠷᠥᠯ ᠦᠨ ᠭᠡᠮᠲᠦ ᠬᠡᠷᠡᠭ ᠦᠢᠯᠡᠳᠬᠦ ᠡᠴᠡ ᠤᠷᠢᠳᠴᠢᠯᠠᠨ ᠰᠡᠷᠭᠡᠶᠢᠯᠡᠬᠦ᠂ ᠬᠡᠦᠬᠡᠳ ᠦᠨ ᠠᠶᠤᠯᠭᠦᠢ ᠪᠠᠶᠢᠳᠠᠯ ᠢ ᠬᠠᠩᠭᠠᠬᠤ ᠵᠣᠷᠢᠯᠭ᠎ᠠ ᠪᠠᠷ ᠢᠷᠭᠡᠳ᠂ ᠣᠯᠠᠨ ᠨᠡᠶᠢᠲᠡ ᠳᠦ ᠮᠡᠳᠡᠭᠡᠯᠡᠯ ᠢ ᠢᠯᠡ ᠪᠣᠯᠭᠠᠬᠤ᠂ ᠬᠠᠤᠯᠢ ᠡᠷᠬᠡ ᠵᠦᠢ ᠶᠢᠨ ᠵᠣᠬᠢᠴᠠᠭᠤᠯᠤᠯᠲᠠ ᠶᠢ ᠰᠤᠳᠤᠯᠬᠤ ᠵᠣᠷᠢᠯᠭ᠎ᠠ ᠪᠠᠷ 06 ᠰᠠᠷ᠎ᠠ ᠶᠢᠨ 18 ᠳᠦ ᠬᠡᠯᠡᠯᠴᠡᠭᠦᠯᠭᠡ ᠵᠣᠬᠢᠶᠠᠨ ᠪᠠᠶᠢᠭᠤᠯᠵᠠᠢ᠃

ᠬᠡᠯᠡᠯᠴᠡᠭᠦᠯᠭᠡ  ᠳᠡᠭᠡᠷ᠎ᠡ ᠪᠠᠭ᠎ᠠ ᠨᠠᠰᠤᠨ ᠤ ᠬᠡᠦᠬᠡᠳ ᠢ ᠰᠠᠲᠤᠷᠯᠠᠬᠤ᠂ ᠬᠦᠮᠦᠨ ᠬᠤᠳᠠᠯᠳᠤᠭᠠᠯᠠᠬᠤ᠂ ᠪᠡᠯᠭᠡ ᠶᠢᠨ ᠮᠥᠯᠵᠢᠯᠭᠡ ᠶᠢᠨ ᠭᠡᠮᠲᠦ ᠬᠡᠷᠡᠭ ᠲᠦ ᠶᠠᠯ᠎ᠠ ᠠᠪᠤᠭᠰᠠᠨ ᠡᠲᠡᠭᠡᠳ ᠦᠨ ᠬᠤᠪᠢ ᠶᠢᠨ ᠮᠡᠳᠡᠭᠡᠯᠡᠯ ᠢ ᠨᠡᠶᠢᠲᠡ ᠳᠦ ᠢᠯᠡ ᠲᠣᠳᠣ ᠪᠠᠶᠢᠷᠢᠰᠢᠭᠤᠯᠬᠤ ᠣᠯᠠᠨ ᠤᠯᠤᠰ ᠤᠨ ᠲᠤᠷᠰᠢᠯᠭ᠎ᠠ᠂ ᠮᠣᠩᠭᠣᠯ ᠤᠯᠤᠰ ᠤᠨ ᠬᠡᠮᠵᠢᠶᠡᠨ ᠳᠦ ᠤᠭ ᠮᠡᠳᠡᠭᠡᠯᠡᠯ ᠢ ᠴᠠᠬᠢᠮ ᠤᠷᠴᠢᠨ ᠳᠤ ᠪᠠᠶᠢᠷᠢᠰᠢᠭᠤᠯᠤᠭᠰᠠᠨ ᠢᠶᠠᠷ ᠡᠭᠦᠰᠬᠦ  ᠡᠷᠡᠰᠳᠡᠯ᠂ ᠠᠰᠢᠭ ᠲᠠᠢ ᠪᠠᠶᠢᠳᠠᠯ᠂ ᠡᠷᠬᠡ ᠵᠦᠢ ᠶᠢᠨ ᠵᠣᠬᠢᠴᠠᠭᠤᠯᠤᠯᠲᠠ ᠬᠢᠬᠦ ᠭᠠᠷᠭᠠᠯᠭ᠎ᠠ᠂ ᠲᠤᠬᠠᠢ ᠶᠢᠨ ᠲᠥᠷᠥᠯ ᠦᠨ ᠭᠡᠮᠲᠦ ᠬᠡᠷᠡᠭ ᠡᠴᠡ ᠤᠷᠢᠳᠴᠢᠯᠠᠨ ᠰᠡᠷᠭᠡᠶᠢᠯᠡᠬᠦ ᠰᠢᠯᠢᠳᠡᠭ ᠠᠵᠢᠯ ᠪᠣᠯᠵᠤ ᠴᠢᠳᠠᠬᠤ ᠡᠰᠡᠬᠦ ᠶᠢ ᠬᠠᠤᠯᠢ ᠲᠣᠭᠲᠠᠭᠠᠮᠵᠢ ᠶᠢᠨ ᠬᠦᠷᠢᠶᠡᠨ ᠳᠦ ᠰᠠᠯᠪᠤᠷᠢ ᠶᠢᠨ  ᠮᠡᠷᠭᠡᠵᠢᠯᠲᠡᠳ ᠬᠡᠯᠡᠯᠴᠡᠵᠦ᠂ ᠲᠡᠳᠡᠨ ᠦ ᠭᠠᠷᠭᠠᠭᠰᠠᠨ ᠰᠠᠨᠠᠯ ᠢ ᠨᠢᠭᠡᠳᠬᠡᠨ ᠬᠣᠯᠪᠣᠭᠳᠠᠬᠤ ᠶᠠᠮᠤᠨ᠂ ᠭᠠᠵᠠᠷ ᠲᠤ ᠬᠦᠷᠭᠡᠭᠦᠯᠵᠦ᠂ ᠱᠠᠭᠠᠷᠳᠠᠯᠭ᠎ᠠ ᠲᠠᠢ ᠪᠣᠯ ᠠᠵᠢᠯ ᠤᠨ ᠬᠡᠰᠡᠭ ᠪᠠᠶᠢᠭᠤᠯᠤᠨ ᠠᠵᠢᠯᠯᠠᠬᠤ ᠪᠠᠷ ᠪᠣᠯᠵᠠᠢ᠃

ᠰᠡᠳᠬᠢᠭᠳᠡᠯ ᠦᠯᠡᠳᠡᠭᠡᠬᠦ