ᠫᠧᠷᠦ᠋ ᠶᠢᠨ ᠨᠡᠶᠢᠰᠯᠡᠯ ᠯᠢᠮᠠ ᠬᠤᠲᠠ ᠳᠤ ᠪᠣᠯᠵᠤ ᠪᠤᠢ ᠰᠤᠷᠤᠭᠴᠢᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠰᠢᠲᠠᠷ᠎ᠠ ᠶᠢᠨ ᠲᠡᠮᠡᠴᠡᠭᠡᠨ ᠦ 7 ᠨᠠᠰᠤᠨ ᠤ ᠦᠬᠢᠳ ᠤᠨ ᠠᠩᠭᠢᠯᠠᠯ ᠳᠤ ᠬᠥᠪᠰᠥᠭᠥᠯ ᠠᠶᠢᠮᠠᠭ ᠤᠨ ᠮᠥᠷᠡᠨ ᠰᠤᠮᠤ ᠶᠢᠨ 《ᠡᠷᠳᠡᠮ ᠦᠨ ᠳᠠᠯᠠᠢ》 ᠰᠤᠷᠭᠠᠭᠤᠯᠢ ᠶᠢᠨ ᠨᠢᠭᠡᠳᠦᠭᠡᠷ ᠠᠩᠬᠢ ᠶᠢᠨ ᠰᠤᠷᠤᠭᠴᠢ ᠨᠢᠮᠠᠳᠠᠸᠠ ᠶᠢᠨ ᠠᠵᠠᠡᠷᠳᠡᠨᠢ 8 ᠬᠣᠵᠢᠨ ᠲᠦᠷᠦᠭᠦᠯᠡᠵᠦ᠂ ᠳᠡᠯᠡᠬᠡᠢ ᠶᠢᠨ ᠠᠪᠤᠷᠭᠤ ᠪᠣᠯᠤᠯ᠎ᠠ᠃
ᠲᠡᠭᠦᠨ ᠢ《ᠬᠥᠬᠡ ᠮᠣᠩᠭᠣᠯ》ᠰᠢᠲᠠᠷ᠎ᠠ ᠶᠢᠨ ᠺᠯᠦ᠋ᠪ ᠤᠨ ᠳᠠᠰᠬᠠᠯᠵᠢᠭᠤᠯᠤᠭᠴᠢ᠂ ᠠᠪᠤ ᠴ ∙ᠨᠢᠮᠠᠳᠠᠸᠠ ᠨᠢ ᠳᠠᠰᠬᠠᠯᠵᠢᠭᠤᠯᠳᠠᠭ ᠪᠥᠭᠡᠳ ᠥᠩᠭᠡᠷᠡᠭᠰᠡᠨ ᠵᠢᠯ ᠤᠯᠤᠰ ᠤᠨ ᠠᠪᠤᠷᠭᠤ ᠶᠢᠨ ᠲᠡᠮᠡᠴᠡᠭᠡᠨ ᠳᠦ ᠲᠦᠷᠦᠭᠦᠯᠡᠵᠦ᠂ ᠬᠣᠶᠢᠮᠣᠷ ᠨᠤᠲᠤᠭ ᠲᠤ 41 ᠵᠢᠯ ᠦᠨ ᠳᠠᠷᠠᠭ᠎ᠠ ᠠᠪᠤᠷᠭᠤ ᠶᠢᠨ ᠴᠣᠮᠣ ᠶᠢ ᠠᠪᠴᠤ ᠢᠷᠡᠭᠰᠡᠨ ᠶᠤᠮ᠃