ᠪᠥᠭᠡᠨᠴᠠᠭᠠᠨ ᠨᠠᠭᠤᠷ ᠣᠷᠴᠢᠮ ᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠳᠤ ᠠᠪᠤᠯ᠎ᠠ | News.MN

ᠪᠥᠭᠡᠨᠴᠠᠭᠠᠨ ᠨᠠᠭᠤᠷ ᠣᠷᠴᠢᠮ ᠢ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠳᠤ ᠠᠪᠤᠯ᠎ᠠ

ᠪᠠᠶᠠᠨᠬᠣᠩᠭᠣᠷ ᠠᠶᠢᠮᠠᠭ ᠤᠨ ᠪᠠᠴᠠᠭᠠᠨ ᠰᠤᠮᠤ ᠶᠢᠨ ᠪᠥᠭᠡᠨᠴᠠᠭᠠᠨ ᠨᠠᠭᠤᠷ ᠣᠷᠴᠢᠮ ᠤᠨ 97014.58 ᠭᠠ ᠲᠠᠯᠠᠪᠠᠢ ᠶᠢ ᠪᠠᠢᠭᠠᠯᠢ ᠶᠢᠨ ᠨᠥᠭᠡᠴᠡ ᠭᠠᠵᠠᠷ ᠤᠨ ᠠᠩᠭᠢᠯᠠᠯ ᠢᠶᠠᠷ 30 ᠵᠢᠯ ᠦᠨ ᠬᠤᠭᠤᠴᠠᠭ᠎ᠠ ᠲᠠᠢ ᠪᠠᠷ ᠣᠷᠣᠨ ᠨᠤᠲᠤᠭ ᠤᠨ ᠲᠤᠰᠬᠠᠢ ᠬᠠᠮᠠᠭᠠᠯᠠᠯᠲᠠ ᠳᠤ ᠠᠪᠤᠯ᠎ᠠ᠃

ᠪᠠᠶᠠᠨᠬᠣᠩᠭᠣᠷ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ 《ᠮᠣᠩᠭᠣᠯ ᠤᠨ ᠤᠨᠠᠭᠠᠨ ᠪᠠᠢᠭᠠᠯᠢ ᠶᠢᠨ ᠬᠦᠯᠢᠴᠡᠯ ᠲᠣᠭᠲᠠᠪᠤᠷᠢᠵᠢᠯᠲᠠ ᠶᠢ ᠬᠠᠩᠭᠠᠬᠤ ᠨᠢ》ᠲᠥᠰᠥᠯ᠂ ᠪᠠᠴᠠᠭᠠᠨ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠬᠠᠮᠲᠤᠷᠠᠭᠰᠠᠨ ᠰᠠᠨᠠᠭᠠᠴᠢᠯᠠᠭ᠎ᠠ ᠪᠠᠷ ᠪᠠᠴᠠᠭᠠᠨ ᠰᠤᠮᠤ ᠶᠢᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠬᠤᠷᠠᠯᠳᠤᠭᠠᠨ ᠢᠶᠠᠷ ᠬᠡᠯᠡᠯᠴᠡᠨ ᠳᠡᠭᠡᠷᠡᠬᠢ ᠰᠢᠢᠳᠪᠦᠷᠢ ᠶᠢ ᠭᠠᠷᠭᠠᠵᠠᠢ᠃

ᠪᠥᠭᠡᠨᠴᠠᠭᠠᠨ ᠨᠠᠭᠤᠷ ᠮᠣᠩᠭᠣᠯ ᠣᠷᠣᠨ ᠤ ᠬᠠᠮᠤᠭ ᠤᠨ ᠲᠣᠮᠣ ᠲᠠᠯᠠᠪᠠᠢ ᠲᠠᠢ ᠨᠠᠭᠤᠷ ᠤᠳ ᠤᠨ ᠡᠬᠢᠨ ᠦ ᠠᠷᠪᠠ ᠳᠤ ᠣᠷᠣᠳᠠᠭ ᠪᠥᠭᠡᠳ ᠨᠠᠭᠤᠷ ᠤᠨ ᠤᠷᠲᠤ ᠨᠢ 24 ᠺᠢᠯᠣᠮᠧᠲ᠋ᠷ᠂ ᠥᠷᠭᠡᠨ ᠨᠢ 11 ᠺᠢᠯᠣᠮᠧᠲ᠋ᠷ᠂ ᠳᠤᠮᠳᠠᠴᠢ ᠭᠦᠨ ᠨᠢ 9.3 ᠮᠧᠲ᠋ᠷ᠂ ᠬᠠᠮᠤᠭ ᠤᠨ ᠭᠦᠨ ᠴᠡᠭ ᠲᠦ ᠪᠡᠨ 16 ᠮᠧᠲ᠋ᠷ ᠬᠦᠷᠳᠡᠭ ᠪᠠᠶᠢᠨ᠎ᠠ᠃

ᠰᠡᠳᠬᠢᠭᠳᠡᠯ ᠦᠯᠡᠳᠡᠭᠡᠬᠦ