2023 ᠣᠨ ᠳᠤ ᠠᠰᠢᠭᠲᠤ ᠮᠠᠯᠲᠠᠮᠠᠯ ᠤᠨ ᠣᠯᠪᠤᠷᠢᠯᠠᠯᠲᠠ ᠥᠰᠴᠦ᠂ ᠡᠺᠰᠫᠣᠷᠲ ᠨᠡᠮᠡᠭᠳᠡᠭᠰᠡᠨ ᠢᠶᠡᠷ ᠲᠥᠯᠥᠪᠦᠷᠢ ᠶᠢᠨ ᠤᠷᠤᠰᠬᠠᠯ ᠲᠡᠩᠴᠡᠯ ᠪᠣᠯᠤᠨ ᠲᠥᠰᠥᠪ ᠦᠨ ᠲᠡᠩᠴᠡᠯ ᠠᠰᠢᠭ ᠲᠠᠢ ᠭᠠᠷᠴᠤ᠂ ᠭᠠᠳᠠᠭᠠᠳᠤ ᠸᠠᠯᠢᠶᠤᠲ ᠤᠨ ᠤᠯᠤᠰ ᠤᠨ ᠨᠥᠭᠡᠴᠡ ᠰᠠᠶᠢᠵᠢᠷᠠᠨ᠂ ᠮᠣᠩᠭᠣᠯ ᠤᠯᠤᠰ ᠤᠨ ᠡᠳ᠋ ᠦᠨ ᠵᠠᠰᠠᠭ ᠡᠷᠴᠢᠮ ᠲᠡᠢ ᠥᠰᠦᠭᠰᠡᠨ᠃ ᠵᠡᠰ ᠦᠨ ᠪᠠᠶᠠᠵᠢᠮᠠᠯ ᠤᠨ ᠦᠢᠯᠡᠳᠪᠦᠷᠢᠯᠡᠯ ᠢᠶᠡᠨ ᠨᠡᠮᠡᠭᠳᠡᠭᠦᠯᠬᠦ ᠬᠦᠯᠢᠶᠡᠯᠲᠡ ᠲᠡᠢ ᠪᠠᠶᠢᠭ᠎ᠠ ᠤᠭ᠍ᠶᠤᠲᠣᠯᠣᠭᠠᠢ ᠶᠢᠨ ᠠᠭᠤᠷᠬᠠᠢ ᠨᠢ ᠡᠳ᠋ ᠦᠨ ᠵᠠᠰᠠᠭ ᠤᠨ 2024᠂ 2025 ᠣᠨ ᠤ ᠥᠰᠦᠯᠲᠡ ᠳᠤ ᠭᠣᠣᠯ ᠲᠦᠯᠬᠢᠴᠡ ᠦᠵᠡᠭᠦᠯᠦᠨ᠎ᠡ᠃
ᠠᠽᠢᠶ᠎ᠠ ᠶᠢᠨ ᠬᠥᠭᠵᠢᠯ ᠦᠨ ᠪᠠᠩᠬᠢ 2024 ᠣᠨ ᠤ ᠳᠦᠷᠪᠡᠳᠦᠭᠡᠷ ᠰᠠᠷ᠎ᠠ ᠶᠢᠨ ᠠᠽᠢᠶ᠎ᠠ ᠶᠢᠨ ᠬᠥᠭᠵᠢᠯ ᠦᠨ ᠲᠥᠯᠥᠪ ᠲᠠᠶᠢᠯᠤᠨ ᠳᠤ ᠪᠠᠨ 2023 ᠣᠨ ᠳᠤ 7.0% ᠶᠢᠨ ᠥᠰᠦᠯᠲᠡ ᠲᠡᠢ ᠪᠠᠶᠢᠭᠰᠠᠨ ᠮᠣᠩᠭᠣᠯ ᠤᠯᠤᠰ ᠤᠨ ᠡᠳ᠋ ᠦᠨ ᠵᠠᠰᠠᠭ 2024 ᠣᠨ ᠳᠤ 4.1% ᠪᠠᠷ ᠥᠰᠥᠨ᠎ᠡ ᠬᠡᠮᠡᠨ ᠲᠣᠭᠠᠴᠠᠭᠠᠯᠠᠭᠰᠠᠨ ᠪᠠᠶᠢᠨ᠎ᠠ᠃ ᠬᠠᠷᠢᠨ 2025 ᠣᠨ ᠳᠤ ᠬᠥᠳᠡᠭᠡ ᠠᠵᠤ ᠠᠬᠤᠢ ᠶᠢᠨ ᠰᠠᠯᠪᠤᠷᠢ ᠰᠡᠷᠭᠦᠵᠦ᠂ ᠳᠤᠲᠤᠭᠠᠳᠤ ᠶᠢᠨ ᠨᠡᠢᠲᠡ ᠪᠦᠲᠦᠭᠡᠭᠳᠡᠬᠦᠨ ᠦ ᠥᠰᠦᠯᠲᠡ ᠬᠤᠷᠳᠤᠰᠴᠤ 6.0 ᠬᠤᠪᠢ ᠳᠤ ᠬᠦᠷᠦᠨ᠎ᠡ ᠭᠡᠵᠦ ᠲᠠᠭᠠᠮᠠᠭᠯᠠᠵᠠᠢ᠃