ᠶᠠᠭᠠᠷᠮᠠᠭ ᠢ ᠨᠢᠭᠡᠳᠦᠭᠡᠷ ᠬᠣᠷᠢᠶᠠᠯᠠᠯ ᠲᠠᠢ ᠬᠤᠯᠪᠤᠬᠤ ᠭᠦᠭᠦᠷᠭᠡ ᠶᠢ ᠵᠢᠷᠭᠤᠭᠠᠨ ᠡᠩᠨᠡᠭᠡ ᠪᠦᠬᠦᠢ ᠳᠥᠷᠪᠡᠨ ᠥᠨᠴᠥᠭ ᠲᠦ ᠪᠡᠨ ᠠᠮᠠᠷᠠᠬᠤ ᠲᠠᠪᠴᠠᠩ ᠲᠠᠢ᠂ ᠬᠣᠶᠠᠷ ᠲᠠᠯ᠎ᠠ ᠳᠤ ᠪᠠᠨ ᠶᠠᠪᠠᠭᠠᠨ ᠬᠦᠮᠦᠨ ᠦ ᠵᠠᠮ ᠲᠠᠢ᠂ 32 ᠮᠧᠲ᠋ᠷ ᠥᠷᠭᠡᠨ᠂ 483.1 ᠮᠧᠲ᠋ᠷ ᠤᠷᠲᠤ ᠪᠠᠶᠢᠬᠤ ᠪᠠᠷ ᠲᠥᠯᠥᠪᠯᠡᠵᠡᠢ᠃
ᠠᠦ᠋ᠲ᠋ᠣ᠋ ᠵᠠᠮ ᠤᠨ ᠵᠣᠷᠴᠢᠬᠤ ᠬᠥᠳᠡᠯᠭᠡᠭᠡᠨ ᠢ ᠡᠨᠡ ᠣᠨ ᠤ 6 ᠳ᠋ᠤᠭᠠᠷ ᠰᠠᠷ᠎ᠠ ᠶᠢᠨ ᠨᠢᠭᠡᠨ ᠳᠦ ᠨᠡᠭᠡᠭᠡᠵᠦ᠂ ᠲᠣᠬᠢᠵᠢᠯᠲᠠ ᠶᠢ ᠨᠠᠢ᠌ᠮᠠᠳᠤᠭᠠᠷ ᠰᠠᠷ᠎ᠠ ᠶᠢᠨ ᠨᠢᠭᠡᠨ ᠭᠡᠬᠦ ᠳᠦ ᠳᠠᠭᠤᠰᠬᠠᠨ ᠬᠦᠯᠢᠶᠡᠯᠭᠡᠵᠦ ᠦᠭᠭᠦᠨ᠎ᠡ᠃ ᠬᠦᠭᠦᠷᠭᠡ ᠠᠰᠢᠭᠯᠠᠯᠲᠠ ᠳᠤ ᠣᠷᠣᠭᠰᠠᠨ ᠢᠶᠠᠷ ᠬᠣᠨᠣᠭ ᠲᠤ 23 ᠮᠢᠩᠭᠠᠨ ᠮᠠᠰᠢᠨ ᠨᠡᠪᠲᠡᠷᠡᠭᠦᠯᠬᠦ ᠴᠢᠳᠠᠪᠤᠷᠢ ᠲᠠᠢ ᠪᠣᠯᠵᠤ᠂ ᠵᠠᠮ ᠤᠨ ᠠᠴᠢᠶᠠᠯᠠᠯ 20 ᠣᠷᠴᠢᠮ ᠬᠤᠪᠢ ᠪᠠᠷ ᠪᠠᠭᠤᠷᠠᠬᠤ ᠶᠤᠮ᠃