ᠶᠠᠫᠣᠨ ᠤᠯᠤᠰ ᠤᠨ ᠨᠡᠶᠢᠰᠯᠡᠯ ᠲᠤᠤᠺᠢᠤ᠋ ᠬᠤᠲᠠᠨ᠎ᠠ ᠤᠯᠠᠮᠵᠢᠯᠠᠯᠲᠤ《Foodex Japan-2024》ᠣᠯᠠᠨ ᠤᠯᠤᠰ ᠤᠨ ᠦᠵᠡᠰᠬᠦᠯᠡᠩ ᠪᠤᠯᠵᠤ᠂ ᠮᠠᠨ ᠤ ᠤᠯᠤᠰ ᠠᠴᠠ 《ᠮᠠᠺᠰ ᠹᠦᠳ᠋》᠂《ᠪᠤᠯᠠᠭᠠᠨ ᠮᠢᠬ᠎ᠠ ᠮᠠᠷᠺᠧᠲ》᠂《ᠭᠠᠵᠠᠷ ᠰᠢᠮ᠎ᠡ》᠂ 《ᠳᠣᠷᠣᠨᠠᠲᠤ ᠮᠢᠬ᠎ᠠ ᠮᠠᠷᠺᠧᠲ》᠂《ᠰᠢᠯᠺ ᠷᠦᠳ᠋ ᠲᠷᠢᠳᠢᠨ》᠂《ᠰᠲ᠋ᠠᠨᠳᠠᠷᠲ ᠹᠦᠳ᠋》᠂《 ᠲᠧᠰᠤ᠋》᠂︽ᠳ᠋ᠡᠢ ᠴᠢᠨᠨᠡᠯ》᠂《ᠳᠦᠭᠦᠷᠡᠩ ᠹᠦᠳ᠋》᠂《 ᠮᠤᠨᠧᠩᠽᠢᠮ ᠮᠧᠳ᠋》᠂《ᠷᠧᠹᠯᠧᠺᠰ》 ᠵᠡᠷᠭᠡ ᠺᠣᠮᠫᠠᠨᠢ ᠨᠤᠭᠤᠳ ᠤᠨ ᠲᠥᠯᠥᠭᠡᠯᠡᠯ ᠣᠷᠣᠯᠴᠠᠵᠤ ᠦᠨᠳᠦᠰᠦᠲᠡᠨ ᠦ ᠪᠠᠷᠠᠭ᠎ᠠ ᠪᠦᠲᠦᠭᠡᠭᠳᠡᠬᠦᠨ ᠢᠶᠡᠨ ᠰᠤᠷᠲᠠᠯᠴᠢᠯᠠᠵᠤ ᠪᠠᠶᠢᠨ᠎ᠠ᠃
ᠡᠭᠦᠨ ᠡᠴᠡ《ᠪᠤᠯᠠᠭᠠᠨ ᠮᠢᠬ᠎ᠠ ᠮᠠᠷᠺᠧᠲ》ᠺᠣᠮᠫᠠᠨᠢ ᠮᠣᠩᠭᠣᠯ ᠠᠳᠤᠭᠤᠨ ᠤ ᠮᠢᠬ᠎ᠠ ᠪᠣᠯᠤᠨ ᠲᠡᠭᠦᠨ ᠦ ᠳᠠᠶᠢᠪᠤᠷᠢ ᠪᠦᠲᠦᠭᠡᠭᠳᠡᠬᠦᠨ ᠢ ᠶᠠᠫᠣᠨ ᠤ ᠵᠠᠬ᠎ᠠ ᠵᠡᠭᠡᠯᠢ ᠳᠦ ᠨᠡᠶᠢᠯᠡᠭᠦᠯᠬᠦ ᠭᠡᠷ᠎ᠡ ᠶᠢ ᠶᠠᠫᠣᠨ ᠤ ᠲᠠᠯ᠎ᠠ ᠲᠠᠢ ᠭᠠᠷ ᠤᠨ ᠦᠰᠦᠭ ᠵᠢᠷᠤᠵᠤ ᠪᠠᠶᠢᠭᠤᠯᠪᠠ᠃ ᠢᠩᠭᠢᠭᠰᠡᠨ ᠢᠶᠡᠷ ᠮᠣᠩᠭᠣᠯ ᠤᠨ ᠡᠷᠡᠭᠦᠯ ᠪᠠᠶᠢᠭᠠᠯᠢ ᠳᠤ ᠥᠰᠬᠡᠵᠦ ᠪᠣᠶᠢᠵᠢᠭᠤᠯᠤᠭᠰᠠᠨ ᠠᠳᠤᠭᠤᠨ ᠤ ᠮᠢᠬ᠎ᠠ ᠴᠡᠪᠡᠷ ᠣᠷᠭᠠᠨᠢᠭ ᠭᠡᠳᠡᠭ ᠠᠮᠲᠠ ᠴᠢᠨᠠᠷ ᠨᠢ ᠦᠨᠡᠯᠡᠭᠳᠡᠵᠦ ᠶᠠᠫᠣᠨ ᠤ ᠵᠠᠬ᠎ᠠ ᠵᠡᠭᠡᠯᠢ ᠳᠦ ᠪᠤᠷᠤᠯᠠᠭᠤᠯᠤᠭᠳᠠᠵᠤ ᠡᠬᠢᠯᠡᠯ᠎ᠡ᠃