ᠠᠩᠬᠠᠨ ᠤ ᠬᠤᠪᠢ ᠶᠢᠨ ᠬᠢᠮᠡᠯ ᠳᠠᠭᠠᠭᠤᠯᠢ ᠳᠡᠯᠡᠬᠡᠢ ᠶᠢᠨ ᠲᠣᠭᠣᠷᠢᠭ ᠵᠠᠮ ᠳᠤ ᠣᠷᠣᠵᠠᠢ  | News.MN

ᠠᠩᠬᠠᠨ ᠤ ᠬᠤᠪᠢ ᠶᠢᠨ ᠬᠢᠮᠡᠯ ᠳᠠᠭᠠᠭᠤᠯᠢ ᠳᠡᠯᠡᠬᠡᠢ ᠶᠢᠨ ᠲᠣᠭᠣᠷᠢᠭ ᠵᠠᠮ ᠳᠤ ᠣᠷᠣᠵᠠᠢ 

ᠮᠣᠩᠭᠣᠯ ᠤᠯᠤᠰ ᠤᠨ ᠠᠩᠬᠠᠨ ᠤ ᠬᠤᠪᠢ ᠶᠢᠨ ᠬᠢᠮᠡᠯ ᠳᠠᠭᠠᠭᠤᠯᠢ ᠭᠤᠷᠪᠠᠳᠤᠭᠠᠷ ᠰᠠᠷ᠎ᠠ ᠶᠢᠨ ᠲᠠᠪᠤᠨ ᠤ ᠦᠷ ᠢᠶᠡᠷ ᠠᠮᠧᠷᠢᠺᠠ ᠶᠢᠨ 《Space X》ᠺᠣᠮᠫᠠᠨᠢ ᠶᠢᠨ ᠰᠠᠨᠰᠠᠷ ᠤᠨ ᠬᠥᠯᠭᠡ ᠶᠢᠨ ᠲᠤᠰᠠᠯᠠᠮᠵᠢ ᠲᠠᠢ ᠪᠠᠷ ᠬᠦᠭᠡᠷᠴᠦ᠂ ᠳᠡᠯᠡᠬᠡᠢ ᠶᠢᠨ ᠲᠣᠭᠣᠷᠢᠭ ᠵᠠᠮ ᠳᠤ ᠣᠷᠣᠵᠠᠢ᠃ ᠡᠨᠡ ᠨᠢ ᠮᠣᠩᠭᠣᠯ ᠤᠨ 《ONDO SPACE》ᠺᠣᠮᠫᠠᠨᠢ ᠶᠢᠨ ᠵᠠᠯᠠᠭᠤᠴᠤᠳ ᠤᠨ ᠵᠣᠬᠢᠶᠠᠨ ᠪᠦᠲᠦᠭᠡᠭᠰᠡᠨᠺᠤᠪᠰᠠᠲᠣᠪᠣᠷ ᠤᠨ ONDOSAT OWL-1᠂ ONDOSAT OWL-2 ᠬᠣᠶᠠᠷ ᠬᠢᠮᠡᠯ ᠳᠠᠭᠠᠭᠤᠯᠢ ᠨᠤᠭᠤᠳ ᠶᠤᠮ᠃  

ᠺᠤᠪᠰᠠᠲᠨᠢ ᠥᠨᠳᠥᠷ ᠥᠷᠲᠡᠭ ᠪᠦᠬᠦᠢ ᠳᠡᠳ᠋ ᠪᠦᠲᠦᠴᠡ ᠱᠠᠭᠠᠷᠳᠠᠬᠤ ᠦᠭᠡᠢ᠂ ᠬᠠᠮᠤᠭ ᠤᠨ ᠬᠢᠮᠳᠠ ᠪᠥᠭᠡᠳ ᠬᠤᠷᠳᠤᠨ ᠬᠤᠭᠤᠴᠠᠭᠠᠨ ᠳᠤ ᠰᠠᠨᠰᠠᠷ ᠲᠤ ᠲᠧᠺᠨᠣᠯᠣᠭᠢ ᠪᠠᠨ ᠲᠤᠷᠰᠢᠬᠤ ᠪᠣᠯᠤᠮᠵᠢ ᠣᠯᠭᠤᠳᠠᠭ ᠬᠢᠮᠡᠯ ᠳᠠᠭᠠᠭᠤᠯᠢ ᠶᠤᠮ᠃ ᠡᠨᠡ ᠨᠢ ᠮᠣᠩᠭᠣᠯ ᠤᠯᠤᠰ ᠥᠪᠡᠷᠰᠡᠳ ᠦᠨ ᠢᠨᠵᠧᠨᠧᠷ᠂ ᠡᠷᠳᠡᠮᠲᠡᠳ ᠦᠨ ᠪᠦᠲᠦᠭᠡᠭᠰᠡᠨ ᠲᠧᠭᠨᠣᠯᠣᠭᠢ ᠲᠧᠭᠨᠢᠭ᠂ ᠲᠥᠬᠥᠭᠡᠷᠦᠮᠵᠢ ᠪᠡᠷ ᠰᠠᠨᠰᠠᠷ ᠲᠤ ᠠᠵᠢᠯᠯᠠᠵᠤ ᠴᠢᠳᠠᠵᠤ ᠪᠤᠢ ᠶᠢ ᠬᠠᠷᠠᠭᠤᠯᠬᠤ ᠵᠤᠷᠢᠯᠭ᠎ᠠ ᠲᠠᠢ ᠶᠢ《ONDO SPACE》ᠺᠣᠮᠫᠠᠨᠢ ᠶᠢᠨ ᠤᠳᠤᠷᠢᠳᠤᠯᠭ᠎ᠠ ᠬᠡᠯᠡᠵᠦ ᠪᠠᠶᠢᠨ᠎ᠠ᠃ 

ᠨᠢᠭᠡ ᠶᠣᠰᠣᠨ ᠳᠤ ᠪᠠᠨ ᠡᠨᠡ ᠬᠦ ᠪᠠᠭ᠎ᠠ ᠣᠪᠣᠷ ᠤᠨ ᠬᠢᠮᠡᠯ ᠳᠠᠭᠠᠭᠤᠯᠢ ᠨᠤᠭᠤᠳ ᠨᠢ ᠬᠠᠷᠢᠴᠠᠩᠭᠤᠢ ᠰᠢᠨ᠎ᠡ ᠲᠧᠭᠨᠣᠯᠣᠭᠢ ᠪᠥᠭᠡᠳ ᠮᠣᠩᠭᠣᠯ ᠤᠯᠤᠰ ᠡᠶᠢᠮᠦ ᠲᠥᠷᠥᠯ ᠦᠨ ᠬᠢᠮᠡᠯ ᠳᠠᠭᠠᠭᠤᠯᠢ ᠶᠢ ᠪᠦᠲᠦᠭᠡᠨ ᠬᠥᠭᠡᠷᠭᠡᠵᠦ ᠪᠠᠶᠢᠭ᠎ᠠ ᠨᠢ ᠰᠠᠨᠰᠠᠷ ᠰᠤᠳᠤᠯᠤᠯ ᠤᠨ ᠰᠠᠯᠪᠤᠷᠢ ᠳᠤ ᠳᠡᠯᠡᠬᠡᠢ ᠶᠢᠨ ᠪᠤᠰᠤᠳ ᠤᠯᠤᠰ ᠣᠷᠣᠨ ᠲᠠᠢ ᠨᠢᠭᠡ ᠭᠠᠷᠤᠭᠠᠨ ᠠᠴᠠ ᠡᠬᠢᠯᠡᠵᠦ ᠪᠠᠶᠢᠨ᠎ᠠ ᠭᠡᠵᠦ ᠬᠡᠯᠡᠵᠦ ᠪᠣᠯᠬᠤ ᠶᠤᠮ᠃ 

 

ᠰᠡᠳᠬᠢᠭᠳᠡᠯ ᠦᠯᠡᠳᠡᠭᠡᠬᠦ