ᠮᠣᠩᠭᠣᠯ ᠤᠯᠤᠰ ᠳᠠᠯᠠᠢ ᠳᠤ ᠭᠠᠷᠴᠠ ᠦᠭᠡᠢ᠂ ᠵᠥᠪᠬᠡᠨ ᠬᠣᠶᠠᠷᠬᠠᠨ ᠣᠷᠣᠨ ᠲᠠᠢ ᠬᠢᠯᠢᠯᠡᠳᠡᠭ᠂ ᠦᠷᠡᠵᠢᠯ ᠰᠢᠮ᠎ᠡ ᠦᠭᠡᠢ ᠨᠤᠲᠤᠭ ᠶᠡᠬᠡ ᠲᠡᠢ ᠤᠴᠢᠷ ᠠᠴᠠ ᠬᠥᠭᠵᠢᠳᠡᠭ ᠦᠭᠡᠢ᠂ ᠮᠣᠩᠭᠣᠯᠴᠤᠳ ᠶᠡᠷᠦ ᠨᠢ ᠠᠵᠠ ᠦᠭᠡᠢ ᠭᠡᠬᠦ ᠶᠠᠷᠢᠶ᠎ᠠ ᠶ᠋ᠢ ᠣᠯᠠᠨᠲᠠ ᠰᠤᠨᠤᠰᠴᠤ ᠪᠠᠶᠢᠯ᠎ᠠ᠃ ᠰᠠᠶ᠋ᠢᠬᠠᠨ ᠴᠤ ᠭᠡᠰᠡᠨ ᠬᠡᠰᠡᠭ ᠬᠦᠮᠦᠰ ᠡᠢᠮᠦᠷᠬᠦᠦ ᠵᠦᠢᠯ ᠶᠠᠷᠢᠵᠤ ᠪᠠᠶᠢᠬᠤ ᠶᠢ ᠰᠣᠨᠣᠰᠤᠭᠰᠠᠨ ᠤᠴᠢᠷ ᠠᠴᠠ ᠥᠪᠡᠷ ᠦᠨ ᠪᠣᠳᠣᠯ ᠢᠶᠠᠨ ᠪᠢᠴᠢᠮᠡᠷ ᠰᠠᠨᠠᠭᠳᠠᠪᠠ᠃ ᠶᠠᠭᠠᠬᠢᠬᠤᠪ᠂ ᠰᠠᠨᠠᠯ ᠨᠡᠶᠢᠯᠡᠬᠦ ᠦᠭᠡᠢ ᠪᠠᠶᠢᠵᠤ ᠪᠣᠯᠤᠨ᠎ᠠ ᠯᠠ ᠳ᠋ᠠ᠃
ᠪᠠᠶᠢᠭᠠᠯᠢ ᠴᠠᠭ ᠠᠭᠤᠷ ᠤᠨ ᠬᠤᠪᠢ ᠳᠤ᠃ ᠮᠠᠨ ᠤ ᠤᠯᠤᠰ ᠥᠨᠳᠥᠷ ᠠᠭᠤᠯᠠ᠂ ᠣᠢ ᠮᠣᠳᠣ᠂ ᠥᠷᠭᠡᠨ ᠲᠠᠯ᠎ᠠ ᠬᠡᠭᠡᠷ᠎ᠡ᠂ ᠰᠢᠷᠭᠠᠯ ᠭᠣᠪᠢ ᠬᠣᠣᠰᠯᠠᠭᠰᠠᠨ ᠠᠭᠤᠳᠠᠮ ᠨᠤᠲᠤᠭ ᠲᠠᠢ᠃ ᠡᠨᠡ ᠠᠭᠤᠳᠠᠮ ᠨᠤᠲᠤᠭ ᠲᠤ ᠪᠠᠨ ᠣᠯᠠᠨ ᠰᠠᠶ᠎ᠠ ᠮᠠᠯ ᠪᠡᠯᠴᠢᠭᠡᠬᠦ ᠪᠣᠯᠤᠮᠵᠢ ᠲᠠᠢ ᠤᠴᠢᠷ ᠠᠴᠠ ᠪᠢᠳᠡ ᠡᠺᠤᠯᠤᠭᠢ ᠶ᠋ᠢᠨ ᠴᠡᠪᠡᠷ ᠮᠢᠬ᠎ᠠ᠂ ᠰᠦ ᠬᠡᠷᠡᠭᠯᠡᠵᠦ ᠪᠠᠶᠢᠨ᠎ᠠ᠃ ᠭᠠᠵᠠᠷ ᠲᠠᠷᠢᠶᠠᠯᠠᠩ ᠳᠤ ᠪᠠᠨ ᠴᠤ ᠭᠡᠰᠡᠨ ᠬᠢᠮᠢ ᠶᠢᠨ ᠪᠣᠷᠳᠣᠭ᠎ᠠ ᠪᠠᠷᠤᠭ ᠬᠡᠷᠡᠭᠯᠡᠳᠡᠭ ᠦᠭᠡᠢ᠃ ᠮᠣᠩᠭᠣᠯ ᠨᠢ ᠲᠥᠪ ᠠᠽᠢᠶ᠎ᠠ ᠶᠢᠨ ᠥᠨᠳᠥᠷᠯᠢᠭ ᠳᠡᠭᠡᠷ᠎ᠡ ᠪᠠᠶᠢᠳᠠᠭ ᠤᠴᠢᠷ ᠠᠴᠠ ᠭᠣᠣᠯ ᠮᠥᠷᠡᠨ ᠨᠦᠭᠦᠳ ᠡᠨᠳᠡ ᠡᠴᠡ ᠡᠬᠢ ᠠᠪᠴᠤ ᠭᠠᠳᠠᠭᠰᠢ ᠪᠠᠨ ᠤᠷᠤᠰᠳᠠᠭ ᠲᠤᠯᠠ ᠪᠢᠳᠡ ᠪᠠᠢᠭᠠᠯᠢ ᠶ᠋ᠢᠨ ᠴᠡᠪᠡᠷ ᠴᠡᠩᠭᠡᠭ ᠤᠰᠤ ︵ᠨᠡᠶᠢᠰᠯᠡᠯ ᠦᠨ ᠬᠢᠨ ᠦ ᠪᠤᠬᠢᠷᠳᠤᠭᠤᠯᠳᠠᠭ ᠲᠤᠤᠯᠠ ᠭᠣᠣᠯ᠂ ᠠᠯᠲᠠᠨ ᠤ ᠬᠢᠨ ᠤ ᠪᠤᠬᠢᠷᠳᠤᠭᠤᠯᠳᠠᠭ ᠵᠠᠷᠢᠮ ᠭᠣᠣᠯ ᠤᠨ ᠬᠦᠪᠡᠭᠡᠨ ᠤ ᠠᠶᠢᠯ ᠤᠳ᠂ ᠮᠠᠯ ᠠᠮᠢᠲᠠᠨ ᠢ ᠡᠰᠡ ᠲᠣᠭᠠᠴᠠᠪᠠᠯ ︶ ᠬᠡᠷᠡᠭᠯᠡᠳᠡᠭ᠃ ᠥᠨᠥᠳᠥᠷ ᠤᠰᠤᠨ ᠤ᠂ ᠢᠯᠠᠩᠭᠤᠶ᠎ᠠ ᠤᠮᠳᠠᠨ ᠤ ᠤᠰᠤᠨ ᠤ ᠠᠰᠠᠭᠤᠳᠠᠯ ᠬᠦᠮᠦᠨ ᠲᠥᠷᠥᠯᠬᠢᠲᠡᠨ ᠦ ᠬᠠᠮᠤᠭ ᠤᠨ ᠲᠤᠯᠭᠠᠮᠳᠠᠭᠰᠠᠨ ᠠᠰᠠᠭᠤᠳᠠᠯ ᠤᠨ ᠨᠢᠭᠡ ᠪᠣᠯᠤᠭᠠᠳ ᠪᠠᠶᠢᠭ᠎ᠠ ᠶᠢ ᠡᠨᠳᠡ ᠪᠠᠰᠠ ᠳᠤᠷᠠᠳᠬᠤᠨᠢ ᠵᠦᠢᠲᠡᠢ ᠪᠠᠶᠢᠬᠤ᠃
ᠭᠠᠳᠠᠭᠠᠳᠤ ᠳᠠᠯᠠᠢ ᠠᠴᠠ ᠠᠯᠤᠰᠯᠠᠭᠳᠠᠭᠰᠠᠨ ᠤᠴᠢᠷ ᠳᠠᠯᠠᠢ ᠶᠢᠨ ᠬᠦᠴᠦᠲᠡᠢ ᠬᠠᠷ᠎ᠠ ᠰᠠᠯᠬᠢ᠂ ᠰᠢᠭᠤᠷᠭ᠎ᠠ ᠭᠡᠳᠡᠭ ᠢ ᠮᠣᠩᠭᠣᠯᠴᠤᠳ ᠮᠡᠳᠡᠬᠦ ᠦᠭᠡᠢ᠃ ᠰᠡᠭᠦᠯ ᠦᠨ ᠦᠶ᠎ᠡ ᠳᠦ ᠳᠡᠯᠡᠬᠡᠢ ᠶᠢᠨ ᠳᠤᠯᠠᠭᠠᠷᠠᠯ ᠪᠣᠯᠤᠭᠠᠳ ᠳᠠᠯᠠᠢ ᠶᠢᠨ ᠡᠷᠭᠢ ᠶᠢᠨ ᠬᠣᠲᠠ ᠰᠠᠭᠤᠷᠢᠨ ᠨᠤᠭᠤᠳ ᠤᠰᠤᠨ ᠳᠤ ᠠᠪᠲᠠᠬᠤ ᠠᠶᠤᠯ ᠨᠢᠭᠤᠷᠯᠠᠬᠤ ᠪᠣᠯᠤᠯ᠎ᠠ ᠭᠡᠵᠦ ᠪᠢᠴᠢᠵᠦ ᠪᠠᠶᠢᠨ᠎ᠠ᠃ ᠪᠢᠳᠡ ᠡᠶᠢᠮᠦ ᠠᠶᠤᠯ ᠳᠤ ᠬᠡᠵᠢᠶ᠎ᠡ ᠴᠤ ᠥᠷᠲᠥᠬᠦ ᠦᠭᠡᠢ᠃ ᠰᠣᠨᠢᠷᠬᠠᠭᠤᠯᠬᠤ ᠳᠤ 1970 ᠊ᠭᠠᠳ ᠣᠨ ᠳᠤ ᠶᠡᠬᠡᠬᠡᠨ ᠱᠤᠤᠭᠢᠶᠠᠨ ᠲᠠᠷᠢᠭᠰᠠᠨ ︽ᠯᠤᠤ ᠶᠢᠨ ᠮᠥᠬᠥᠯ︾ᠭᠡᠳᠡᠭ ᠷᠣᠮᠠᠨ ︵ ︽ᠶᠠᠫᠣᠨ ᠵᠢᠪᠦᠭᠰᠡᠨ ᠨᠢ︾ ᠭᠡᠰᠡᠨ ᠨᠡᠷ᠎ᠡ ᠲᠡᠢ ᠺᠢᠨᠣ᠋ ᠴᠤ ᠪᠤᠢ ︶ ᠳ᠋ᠤ ᠭᠠᠵᠠᠷ ᠬᠥᠳᠡᠯᠦᠯᠲᠡ ᠶᠢᠨ ᠤᠯᠠᠮ ᠠᠴᠠ ᠶᠠᠫᠣᠨ ᠤ ᠠᠷᠠᠯ ᠤᠳ ᠳᠠᠯᠠᠢ ᠳᠤ ᠵᠢᠪᠴᠦ᠂ ᠬᠦᠮᠦᠨ ᠠᠮᠠ ᠶᠢ ᠨᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶ᠋ᠢᠨ ᠰᠢᠢᠳᠪᠦᠷᠢ ᠪᠡᠷ ᠭᠠᠵᠠᠷ ᠨᠤᠲᠤᠭ ᠶᠡᠬᠡ ᠲᠡᠢ ᠤᠯᠤᠰ ᠤᠳ ᠲᠤ ᠨᠡᠭᠦᠯᠭᠡᠨ ᠰᠢᠯᠵᠢᠭᠦᠯᠬᠦ ᠪᠡᠷ ᠪᠣᠯᠬᠤ ᠳᠤ ᠮᠣᠩᠭᠣᠯ ᠤᠯᠤᠰ ᠴᠤ ᠪᠠᠰᠠ ᠶᠠᠫᠣᠨᠴᠤᠳ ᠢ ᠬᠦᠯᠢᠶᠡᠨ ᠠᠪᠴᠤ ᠪᠠᠶᠢᠭ᠎ᠠ ᠲᠤᠬᠠᠢ ᠪᠢᠴᠢᠭᠰᠡᠨ ᠪᠠᠶᠢᠳᠠᠭ᠃ ᠳᠥᠷᠪᠡᠨ ᠤᠯᠠᠷᠢᠯ ᠲᠠᠢ᠂ ᠡᠷᠡᠰ ᠲᠡᠰ ᠠᠭᠤᠷ ᠠᠮᠢᠰᠬᠤᠯ ᠲᠠᠢ ᠤᠴᠢᠷ ᠠᠴᠠ ᠮᠣᠩᠭᠣᠯᠴᠤᠳ ᠢ ᠥᠯᠴᠢᠷ᠂ ᠡᠷᠡᠭᠦᠯ ᠴᠢᠭᠢᠷᠠᠭ ᠬᠦᠮᠦᠰ ᠭᠡᠵᠦ ᠪᠣᠯᠤᠨ᠎ᠠ᠃ ᠬᠦᠮᠦᠨ ᠠᠮᠠ ᠳᠤ ᠨᠤᠭᠳᠠᠳᠠᠭ ᠤᠯᠢᠮᠫᠢᠺ ᠤᠨ ᠮᠧᠳᠠᠯ ᠤᠨ ᠲᠤᠭ᠎ᠠ ᠪᠠᠷ ᠢᠶᠠᠨ ᠪᠢᠳᠡ ᠳᠡᠭᠡᠭᠦᠷ ᠣᠷᠣᠳᠠᠭ ᠨᠢ ᠡᠭᠦᠨ ᠦ ᠨᠢᠭᠡ ᠨᠣᠲᠠᠯᠠᠭ᠎ᠠ ᠪᠣᠯᠪᠠ ᠤᠤ᠃
ᠭᠠᠳᠠᠭᠠᠳᠤ ᠠᠶᠦᠯᠭᠦᠢ ᠪᠠᠶᠢᠳᠠᠯ ᠤᠨ ᠬᠤᠪᠢ ᠳᠤ᠃ ᠮᠠᠨ ᠤ ᠬᠢ ᠤᠯᠤᠰ ᠲᠥᠷᠥ ᠶᠢᠨ ᠬᠤᠪᠢ ᠳᠤ ᠪᠣᠯᠤᠭᠠᠳ ᠬᠢᠯᠢ ᠶᠢᠨ ᠶᠠᠮᠠᠷ ᠴᠤ ᠮᠠᠷᠭᠤᠭᠠᠨ ᠦᠭᠡᠢ᠂ ᠨᠠᠶᠢᠷᠰᠠᠭ ᠬᠠᠷᠢᠯᠴᠠᠭ᠎ᠠ ᠲᠠᠢ᠂ ᠴᠡᠷᠢᠭ ᠪᠠᠲᠤᠯᠠᠨ ᠬᠠᠮᠠᠭᠠᠯᠠᠬᠤ ᠶᠢᠨ ᠰᠠᠯᠪᠤᠷᠢ ᠳᠤ ᠳᠡᠯᠡᠬᠡᠢ ᠳᠦ ᠬᠠᠮᠤᠭ ᠤᠨ ᠬᠦᠴᠦᠲᠡᠢ ᠳᠦ ᠲᠣᠭᠠᠴᠠᠭᠳᠠᠬᠤ ᠬᠣᠶᠠᠷ ᠶᠡᠬᠡ ᠭᠦᠷᠦᠨ ᠲᠡᠢ ᠬᠢᠯᠢᠯᠡᠵᠦ ᠪᠠᠶᠢᠨ᠎ᠠ᠃ ᠡᠶᠢᠮᠦ ᠬᠣᠶᠠᠷ ᠬᠥᠷᠰᠢ ᠲᠡᠢ ᠪᠠᠶᠢᠬᠤ ᠳᠤ ᠪᠤᠰᠤᠳ ᠶᠠᠮᠠᠷ ᠴᠤ ᠣᠷᠣᠨ ᠤ ᠠᠶᠤᠯ ᠵᠠᠨᠤᠯᠬᠢᠯᠡᠯ᠂ ᠲᠦᠷᠢᠮᠡᠭᠡᠶᠢᠯᠡᠯ ᠡᠴᠡ ᠠᠶᠤᠬᠤ ᠬᠡᠷᠡᠭ ᠦᠭᠡᠢ ᠶᠤᠮ᠃ ᠵᠢᠱᠢᠶᠡᠯᠡᠬᠦ ᠳᠦ ᠬᠣᠶᠠᠷ ᠬᠥᠷᠰᠢ ᠶᠢ ᠳᠠᠪᠠᠭᠠᠳ ᠮᠠᠨ ᠤ ᠳᠤ ᠭᠠᠳᠠᠨ᠎ᠠ ᠶ᠋ᠢᠨ ᠶᠠᠮᠠᠷ ᠴᠤ ᠫᠤᠤᠵᠢᠩ᠂ ᠣᠩᠭᠣᠴᠠ ᠨᠢᠰᠴᠦ ᠢᠷᠡᠨ᠎ᠡ ᠭᠡᠵᠦ ᠪᠠᠶᠢᠬᠤ ᠦᠭᠡᠢ᠃ ᠨᠥᠭᠥᠭᠡ ᠲᠠᠯ᠎ᠠ ᠪᠠᠷ᠂ ᠵᠢᠱᠢᠶ᠎ᠡ ᠨᠢ᠂ ᠮᠠᠨ ᠤ ᠬᠢ ᠠᠴᠠ ᠣᠩᠭᠣᠴᠠ ᠬᠤᠯᠠᠭᠠᠶᠢᠯᠠᠨ ᠪᠠᠷᠢᠴᠠᠭᠠᠯᠠᠭᠠᠳ ᠡᠨᠡ ᠬᠣᠶᠠᠷ ᠣᠷᠣᠨ ᠤ ᠳᠡᠭᠡᠭᠦᠷ ᠨᠢᠰᠦᠭᠡᠳ ᠦᠩᠭᠡᠷᠡᠵᠤ ᠴᠢᠳᠠᠬᠤ ᠦᠭᠡᠢ ᠭᠡᠳᠡᠭ ᠨᠢ ᠬᠡᠨᠪᠤᠭᠠᠢ ᠳᠤ ᠴᠤ ᠣᠶᠢᠯᠠᠭᠠᠮᠵᠢᠲᠠᠢ᠃
ᠡᠳ᠋ ᠤᠨ ᠵᠠᠰᠠᠭ ᠤᠨ ᠬᠤᠪᠢ ᠳᠤ᠃ ᠳᠠᠯᠠᠢ ᠳᠤ ᠭᠠᠷᠴᠠ ᠦᠭᠡᠢ ᠤᠴᠢᠷ ᠠᠴᠠ ᠬᠥᠭᠵᠢᠬᠦ ᠦᠭᠡᠢ ᠪᠠᠶᠢᠨ᠎ᠠ ᠭᠡᠳᠡᠭ ᠲᠡᠢ ᠰᠠᠨᠠᠯ ᠨᠡᠶᠢᠯᠡᠬᠦ ᠦᠭᠡᠢ᠃ ᠥᠨᠥᠳᠥᠷ ᠳᠡᠯᠡᠬᠡᠢ ᠶᠢᠨ ᠪᠦᠬᠦ ᠣᠷᠣᠨ ᠬᠢᠲᠠᠳ ᠲᠠᠢ ᠬᠤᠳᠠᠯᠳᠤᠭ᠎ᠠ ᠬᠢᠬᠦ ᠶᠢ ᠬᠦᠰᠡᠳᠡᠭ᠃ ᠭᠡᠲᠡᠯ᠎ᠡ ᠪᠢᠳᠡ ᠳᠡᠷᠭᠡᠳᠡ ᠨᠢ ᠪᠠᠶᠢᠨ᠎ᠠ᠃ ᠦᠷᠡᠵᠢᠯ ᠰᠢᠮ᠎ᠡ ᠮᠠᠭᠤ᠂ ᠪᠠᠷᠤᠭ ᠡᠵᠡᠨ ᠦᠭᠡᠢ ᠭᠡᠳ ᠪᠠᠶᠢᠳᠠᠭ ᠭᠣᠪᠢ ᠨᠤᠲᠤᠭ ᠮᠠᠨᠢ ᠬᠡᠪᠡᠯᠢ ᠳᠦ ᠪᠡᠨ ᠠᠰᠤᠷᠤ ᠶᠡᠬᠡ ᠪᠠᠶᠠᠯᠢᠭ ᠲᠠᠢ ᠤᠴᠢᠷ ᠥᠨᠥᠳᠥᠷ ᠲᠡᠨᠳᠡ ᠠᠭᠤᠯᠠ ᠠᠭᠤᠷᠬᠠᠢ ᠬᠥᠭᠵᠢᠵᠦ ᠡᠬᠢᠯᠡᠯ᠎ᠡ᠃ ᠮᠣᠩᠭᠣᠯ ᠤᠨ ᠠᠭᠤᠯᠠ ᠠᠭᠤᠷᠬᠠᠢ ᠶᠢᠨ ᠪᠦᠲᠦᠭᠡᠭᠳᠡᠬᠦᠨ ︵ᠵᠢᠱᠢᠶ᠎ᠡ ᠨᠢ ᠨᠡᠭᠦᠷᠡᠰᠦ᠂ ᠵᠡᠰ᠂ ᠲᠡᠮᠦᠷ ᠦᠨ ᠬᠥᠳᠡᠷ ︶ ᠤ ᠭᠣᠣᠯ ᠬᠡᠷᠡᠭᠯᠡᠭᠴᠢ ᠨᠢ ᠶᠠᠭᠠᠬᠢᠬᠤ ᠠᠷᠭ᠎ᠠ ᠦᠭᠡᠢ ᠬᠢᠲᠠᠳ ᠤᠯᠤᠰ᠃ ᠭᠤᠷᠪᠠᠳᠠᠭᠴᠢ ᠣᠷᠣᠨ ᠤ ᠬᠥᠷᠦᠩᠭᠡ ᠣᠷᠣᠭᠤᠯᠤᠭᠴᠢᠳ᠂ ᠲᠤᠬᠠᠶᠢᠯᠠᠪᠠᠯ Rio Tinto ᠺᠤᠮᠫᠠᠨᠢ ︵ ᠳᠡᠯᠡᠬᠡᠢ ᠶ᠋ᠢᠨ ᠡᠮᠦᠨ᠎ᠡ ᠠᠷᠪᠠ ᠳ᠋ᠤ ᠤᠷᠤᠬᠤ ᠵᠡᠰ ᠠᠯᠲᠠᠨ ᠤ ᠤᠭᠶᠤᠲᠤᠯᠤᠭᠠᠢ ᠬᠡᠮᠡᠬᠦ ᠤᠷᠳᠤ ᠳ᠋ᠦ ᠬᠦᠷᠦᠩᠭᠡ ᠤᠷᠤᠭᠤᠯᠤᠭᠰᠠᠨ ︶᠂ ᠮᠠᠨ ᠤ ᠬᠢ ᠠᠴᠠ ᠣᠯᠪᠤᠷᠢᠯᠠᠭᠰᠠᠨ ᠪᠠᠢᠭᠠᠯᠢ ᠶᠢᠨ ᠪᠠᠶᠠᠯᠢᠭ ᠢ ᠬᠢᠲᠠᠳ ᠲᠤ ᠭᠠᠷᠭᠠᠬᠤ ᠭᠡᠵᠦ ᠯᠠ ᠮᠣᠩᠭᠣᠯ ᠳᠤ ᠬᠥᠷᠦᠩᠭᠡ ᠣᠷᠣᠭᠤᠯᠳᠠᠭ᠃ ᠮᠠᠨ ᠤ ᠬᠢ ᠨᠡᠭᠦᠷᠡᠰᠦ ᠪᠡᠨ ᠠᠭᠤᠷᠬᠠᠢ ᠠᠴᠠ ᠪᠠᠨ ᠬᠢᠲᠠᠳ ᠤᠨ ᠨᠤᠲᠤᠭ ᠲᠤ ᠪᠠᠶᠢᠳᠠᠭ ᠦᠢᠯᠡᠳᠪᠦᠷᠢ ᠶᠢᠨ ᠬᠠᠰᠢᠶᠠᠨ ᠳᠤ ᠰᠢᠭᠤᠳ ᠪᠠᠭᠤᠯᠭᠠᠬᠤ ᠪᠣᠯᠤᠯᠴᠠᠭ᠎ᠠ ᠲᠠᠢ᠃ ᠬᠠᠷᠠᠮᠰᠠᠯᠲᠠᠢ ᠨᠢ ᠥᠨᠥᠬᠡᠨ ᠳᠦ ᠪᠡᠨ ᠲᠡᠭᠡᠭᠡᠪᠦᠷᠢᠯᠡᠯᠲᠡ ᠪᠡᠨ ᠵᠥᠪ ᠵᠣᠬᠢᠶᠠᠨ ᠪᠠᠶᠢᠭᠤᠯᠵᠤ ᠴᠢᠳᠠᠬᠤ ᠦᠭᠡᠢ ᠪᠠᠶᠢᠨ᠎ᠠ᠃ ᠭᠡᠲᠡᠯ᠎ᠡ ᠠᠦᠢᠰᠲᠷᠠᠯᠢᠶ᠎ᠠ ᠠᠴᠠ ᠬᠢᠲᠠᠳ ᠤᠨ ᠭᠠᠩ ᠤᠨ ᠦᠢᠯᠡᠳᠪᠦᠷᠢ ᠳᠦ ᠨᠡᠭᠦᠷᠡᠰᠦ ᠨᠡᠶᠢᠯᠡᠭᠦᠯᠬᠦ ᠳᠦ ᠡᠬᠢᠯᠡᠭᠡᠳ ᠠᠭᠤᠷᠬᠠᠢ ᠠᠴᠠ ᠳᠠᠯᠠᠢ ᠶᠢᠨ ᠡᠷᠭᠢ ᠶᠢᠨ ᠪᠣᠭᠣᠮᠲᠠ ᠬᠦᠷᠲᠡᠯ᠎ᠡ ᠲᠡᠭᠡᠭᠡᠪᠦᠷᠢᠯᠡᠨ᠎ᠡ᠂ ᠳᠠᠷᠠᠭ᠎ᠠ ᠨᠢ ᠳᠠᠯᠠᠢ ᠶᠢᠨ ᠪᠣᠭᠣᠮᠲᠠ ᠠᠴᠠ ᠤᠰᠤᠨ ᠣᠩᠭᠣᠴᠠᠨ ᠳᠤ ᠠᠴᠢᠭᠠᠳ ᠬᠢᠲᠠᠳ ᠤᠨ ᠡᠷᠭᠢ ᠳᠦ ᠬᠦᠷᠭᠡᠭᠡᠳ ᠪᠠᠭᠤᠯᠭᠠᠨ᠎ᠠ᠂ ᠲᠡᠨᠳᠡ ᠡᠴᠡ ᠪᠡᠨ ᠭᠠᠯᠲᠤ ᠲᠡᠷᠭᠡᠨ ᠳᠦ ᠠᠴᠢᠭᠠᠳ ᠰᠠᠶ᠋ᠢ ᠯᠠ ᠨᠢᠭᠡ ᠦᠢᠯᠡᠳᠪᠦᠷᠢ ᠶᠢᠨ ᠬᠠᠰᠢᠶᠠᠨ ᠳᠤ ᠪᠠᠭᠤᠯᠭᠠᠬᠤ ᠵᠢᠱᠢᠶ᠎ᠡ ᠲᠡᠢ᠃ ᠡᠶᠢᠮᠦ ᠡᠴᠡ ᠲᠡᠳᠡᠨ ᠦ ᠨᠡᠭᠦᠷᠡᠰᠦᠨ ᠦ ᠦᠨ᠎ᠡ ᠮᠠᠨ ᠤ ᠬᠢ ᠠᠴᠠ ᠥᠨᠳᠥᠷ ᠪᠠᠶᠢᠬᠤ ᠠᠴᠠ ᠥᠭᠡᠷ᠎ᠡ ᠠᠷᠭ᠎ᠠ ᠦᠭᠡᠢ᠃
ᠨᠥᠭᠥᠭᠡ ᠲᠠᠯ᠎ᠠ ᠪᠠᠷ ᠥᠪᠡᠷ ᠦᠨ ᠨᠤᠲᠤᠭ ᠳᠡᠭᠡᠭᠦᠷ ᠣᠷᠣᠰ ᠬᠢᠲᠠᠳ ᠢ ᠬᠣᠯᠪᠣᠭᠰᠠᠨ ᠳᠡᠳ᠋ ᠪᠦᠲᠦᠴᠡ ︵ᠠᠦ᠋ᠲ᠋ᠣ᠋ ᠪᠣᠯᠤᠨ ᠲᠡᠮᠦᠷ ᠵᠠᠮ᠂ ᠬᠣᠭᠣᠯᠠᠢ ᠶᠢᠨ ᠲᠡᠭᠡᠭᠡᠪᠦᠷᠢ᠂ ᠬᠣᠯᠪᠣᠭᠠᠨ ᠤ ᠪᠣᠯᠤᠨ ᠴᠠᠬᠢᠯᠭᠠᠨ ᠳᠠᠮᠵᠢᠭᠤᠯᠬᠤ ᠱᠤᠭᠤᠮ ᠭᠡᠬᠦ ᠮᠡᠲᠦ ︶ ᠶᠢ ᠬᠥᠭᠵᠢᠭᠦᠯᠵᠦ ᠶᠡᠬᠡᠬᠡᠨ ᠠᠰᠢᠭ ᠲᠣᠭᠲᠠᠮᠠᠯ ᠣᠯᠬᠤ ᠪᠣᠯᠤᠮᠵᠢ ᠪᠤᠢ᠃ 2016 ᠣᠨ ᠳᠤ ᠮᠣᠩᠭᠣᠯ – ᠣᠷᠣᠰ – ᠬᠢᠲᠠᠳ ᠤᠨ ᠡᠳ᠋ ᠦᠨ ᠵᠠᠰᠠᠭ ᠤᠨ ᠺᠣᠷᠢᠳᠣᠷ ᠪᠠᠶᠢᠭᠤᠯᠬᠤ ᠬᠥᠲᠥᠯᠪᠦᠷᠢ ᠪᠠᠲᠤᠯᠠᠭᠳᠠᠭᠰᠠᠨ ᠲᠤᠯᠠ ᠡᠭᠦᠨ ᠢ ᠦᠳᠲᠡᠷ ᠲᠦᠷᠭᠡᠨ ᠠᠵᠢᠯ ᠪᠣᠯᠭᠠᠵᠤ ᠡᠬᠢᠯᠡᠬᠦ ᠬᠡᠷᠡᠭᠲᠡᠢ ᠪᠠᠶᠢᠭ᠎ᠠ ᠶᠤᠮ᠃
ᠡᠨᠡ ᠪᠦᠬᠦᠨ ᠡᠴᠡ ᠡᠭᠦᠳᠦᠭᠡᠳ ᠮᠠᠨ ᠤ ᠡᠪᠦᠭᠡ ᠳᠡᠭᠡᠳᠦᠰ ᠦᠳ ᠬᠠᠮᠤᠭ ᠤᠨ ᠠᠰᠢᠭ ᠲᠠᠢ ᠪᠠᠶᠢᠷᠢᠯᠠᠯ ᠲᠠᠢ ᠭᠠᠵᠠᠷ ᠨᠤᠲᠤᠭ ᠢᠶᠠᠨ ᠠᠪᠴᠤ ᠦᠯᠡᠳᠡᠵᠦ ᠳ᠋ᠸ ᠭᠡᠵᠦ ᠬᠡᠯᠡᠬᠦ ᠪᠠᠶᠢᠨ᠎ᠠ᠃ ᠶᠡᠷᠦ ᠨᠢ ᠪᠢᠳᠡᠨ ᠦ ᠠᠮᠢᠳᠤᠷᠠᠳᠠᠭ ᠲᠥᠪ ᠠᠽᠢᠶ᠎ᠠ ᠶᠢᠨ ᠥᠨᠳᠥᠷᠯᠢᠭ ᠢ ᠡᠨᠧᠷᠭᠢ ᠬᠤᠷᠠᠮᠲᠤᠯᠠᠭᠳᠠᠭᠰᠠᠨ ᠨᠤᠲᠤᠭ ᠭᠡᠵᠦ ᠬᠡᠯᠡᠵᠦ ᠪᠣᠯᠬᠤ᠃ ᠣᠷᠣᠰ ᠤᠨ ᠶᠡᠬᠡ ᠡᠷᠳᠡᠮᠲᠡᠨ ᠯᠸ ᠭᠤᠮᠢᠯᠸᠸ ᠭᠤᠸᠠᠢ ᠫᠠᠰᠰᠢᠣᠨᠠᠷᠢᠶᠠ᠂ ᠫᠠᠰᠰᠢᠣᠨᠠᠷᠨᠤᠰᠲ ᠭᠡᠳᠡᠭ ᠣᠶᠢᠯᠠᠭᠠᠯᠲᠠ ᠶᠢ ᠡᠨᠡ ᠨᠤᠲᠤᠭ ᠲᠠᠢ ᠯᠠ ᠬᠣᠯᠪᠣᠭᠳᠠᠭᠤᠯᠵᠤ ᠰᠢᠨᠵᠢᠯᠡᠬᠦ ᠤᠬᠠᠭᠠᠨ ᠤ ᠡᠷᠭᠢᠯᠲᠡ ᠳᠦ ᠣᠷᠣᠭᠤᠯᠤᠭᠰᠠᠨ ᠪᠠᠶᠢᠳᠠᠭ᠃ ᠬᠦᠮᠦᠨ ᠲᠥᠷᠥᠯᠬᠢᠲᠡᠨ ᠦ ᠲᠡᠦᠬᠡᠨ ᠳᠦ ᠶᠡᠬᠡᠬᠡᠨ ᠨᠥᠯᠥᠭᠡ ᠦᠵᠡᠭᠦᠯᠦᠭᠰᠡᠨ ᠶᠡᠬᠡ ᠨᠡᠭᠦᠳᠡᠯ᠂ ᠶᠡᠬᠡ ᠠᠶᠠᠨ ᠳᠠᠶᠢᠨ ᠨᠤᠭᠤᠳ ᠴᠤᠬᠤᠮ ᠬᠦ ᠡᠨᠳᠡ ᠡᠴᠡ ᠯᠠ ᠡᠬᠢᠯᠡᠵᠦ ᠪᠠᠶᠢᠭᠰᠠᠨ ᠢ ᠰᠠᠨᠠᠬᠤ ᠬᠡᠷᠡᠭᠲᠡᠢ᠃
ᠰ ᠂ ᠬᠦᠷᠡᠯᠪᠠᠭᠠᠲᠤᠷ ᠄ ᠪᠢᠳᠡ ᠬᠦᠭᠵᠢᠯ ᠬᠤᠴᠤᠷᠤᠭᠳᠠᠯ ᠬᠤᠶᠠᠷ ᠤᠨ ᠶᠠᠭ ᠵᠠᠭᠠᠭ ᠳᠡᠭᠡᠷ᠎ᠡ ᠪᠠᠶᠢᠨ᠎ᠠ ︵ ᠬᠡᠰᠡᠭᠯᠡᠯ ︶
ᠰ ᠂ ᠬᠦᠷᠡᠯᠪᠠᠭᠠᠲᠤᠷ ᠭᠣᠸᠠᠢ ᠠᠮᠢᠳᠤᠷᠠᠯ ᠤᠨ ᠶᠢᠡᠨ 42 ᠵᠢᠯ ᠢ ᠮᠣᠩᠭᠣᠯ ᠶᠠᠫᠣᠨ ᠥ ᠬᠠᠷᠢᠯᠴᠠᠭᠠᠨ ᠳ᠋ᠦ ᠵᠤᠷᠢᠭᠤᠯᠤᠭᠰᠠᠨ ᠂ ᠲᠡᠷᠠ ᠪᠡᠷ ᠶᠠᠫᠣᠨ ᠳ᠋ᠦ ᠬᠤᠶᠠᠷ ᠣᠳᠠᠭ᠎ᠠ ᠂ ᠬᠣᠶᠢᠳᠦ ᠰᠤᠯᠤᠩᠭᠤᠰ ᠲᠦ ᠨᠢᠭᠡ ᠣᠳᠠᠭ᠎ᠠ ᠡᠯᠴᠢᠨ ᠰᠠᠶᠢᠳ ᠵᠢᠡᠷ ᠲᠤᠮᠢᠯᠠᠭᠳᠠᠨ ᠠᠵᠢᠯᠯᠠᠭᠰᠠᠨ ᠪᠦᠭᠡᠳ ᠡᠳᠦᠭᠡ ᠠᠯᠪᠠ ᠪᠡᠨ ᠠᠮᠵᠢᠯᠲᠠ ᠲᠠᠢ ᠳᠠᠭᠤᠰᠬᠠᠨ ᠭᠡᠷ ᠲᠤ ᠪᠠᠨ ᠬᠠᠷᠢᠵᠤ ᠢᠷᠡᠭᠡᠳ ᠪᠠᠶᠢᠬᠤ ᠳ᠋ᠤ ᠨᠢ ᠠᠭᠤᠯᠵᠠᠵᠤ ᠶᠠᠷᠢᠯᠴᠠᠯ᠎ᠠ ᠃
– ᠶᠠᠫᠣᠨ ᠥ ᠡᠵᠡᠨ ᠬᠠᠭᠠᠨ ᠡᠴᠡ ᠬᠦᠷᠲᠡᠭᠡᠭᠰᠡᠨ ᠣᠳᠣᠨ ᠢ ᠪᠢ ᠬᠤᠶᠠᠷ ᠣᠯᠤᠰ ᠤᠨ ᠬᠠᠷᠢᠯᠴᠠᠭᠠᠨ ᠳ᠋ᠤ ᠠᠮᠢ ᠠᠮᠢᠳᠣᠷᠠᠯ ᠶᠢᠡᠨ ᠵᠤᠷᠢᠭᠤᠯᠤᠭᠰᠠᠨ ᠲᠠᠨ ᠥ ᠵᠢᠳᠭᠦᠯ ᠤᠨ ᠦᠨᠡᠯᠡᠮᠵᠢ ᠭᠡᠵᠦ ᠬᠠᠷᠠᠭᠰᠠᠨ ︖
-ᠮᠢᠨᠦ 42 ᠵᠢᠯ ᠤᠨ ᠬᠦᠳᠡᠯᠮᠦᠷᠢ ᠵᠢ ᠦᠨᠡᠯᠡᠵᠦ ᠂ ᠡᠵᠡᠨ ᠬᠠᠭᠠᠨ ᠥ ᠣᠳᠤᠨ ᠦᠭᠭᠦᠭᠰᠡᠨ ᠪᠣᠯᠪᠡ ᠤᠣ ᠂ ᠭᠠᠪᠢᠶ᠎ᠠ ᠪᠠᠶᠢᠭᠤᠯᠤᠭᠰᠠᠨ ᠂ ᠣᠪᠣᠶᠢᠵᠤ ᠣᠴᠤᠶᠢᠭᠰᠠᠨ ᠵᠦᠢᠯ ᠬᠢᠭᠰᠡᠨ ᠭᠡᠬᠦ ᠡᠴᠠ ᠢᠯᠡᠭᠦᠦ ᠮᠣᠩᠭᠣᠯ ᠶᠠᠫᠣᠨ ᠥ ᠬᠠᠷᠢᠯᠴᠠᠭ᠎ᠠ ᠪᠤᠢ ᠪᠤᠯᠤᠭᠠᠳ ᠂ ᠬᠦᠭᠵᠢᠭᠡᠳ ᠂ ᠦᠷᠭᠡᠵᠢᠭᠡᠳ ᠂ ᠭᠦᠨᠵᠡᠭᠡᠶᠢᠷᠡᠬᠦ ᠣᠶᠢᠯᠡᠰ ᠲᠦ 40 ᠭᠠᠷᠤᠢ ᠵᠢᠯ︽ᠣᠷᠣᠯᠴᠠᠭᠰᠠᠨ︾ ᠢ ᠶᠠᠫᠣᠨ ᠥ ᠲᠠᠯ᠎ᠠ ᠡᠴᠡ ᠬᠦᠨᠳᠦᠳᠭᠡᠵᠦ ᠦᠵᠡᠭᠰᠡᠨ ᠥ ᠢᠯᠡᠷᠬᠡᠢᠯᠡᠯ ᠭᠡᠵᠦ ᠪᠣᠳᠣᠭᠰᠠᠨ ᠃ ᠡᠨᠡ ᠱᠠᠩᠨᠠᠯ ᠢ 1868 ᠣᠨ ᠥ ᠮᠡᠶᠢᠵᠢ ᠶᠢᠨ ᠬᠤᠪᠢᠰᠬᠠᠯ ᠤᠨ ᠦᠶ᠎ᠡ ᠡᠴᠡ ᠦᠭᠴᠦ ᠡᠬᠢᠯᠡᠵᠠᠢ ᠃ 100 ᠭᠠᠷᠤᠢ ᠵᠢᠯ ᠤᠨ ᠲᠤᠳᠤᠷ᠎ᠠ 14 ᠮᠢᠩᠭ᠎ᠠ ᠣᠷᠴᠢᠮ ᠬᠦᠮᠦᠨ ᠠᠪᠤᠭᠰᠠᠨ ᠃
– ᠲᠠ ᠬᠣᠶᠠᠳᠣᠭᠠᠷ ᠵᠡᠷᠭᠡ ᠶᠢᠨ ᠣᠳᠣᠨ ᠢ ᠠᠪᠤᠭᠰᠠᠨ ᠪᠠᠶᠢᠬᠤ ᠡ ︖
– ᠲᠡᠶᠢᠮᠦ ᠡ ᠂ ᠲᠡᠷᠢᠭᠦᠨ ᠵᠡᠷᠭᠡ ᠶ᠋ᠢᠨ ᠤᠳᠤᠨ ᠢ ᠮᠠᠨ ᠥ ᠰᠤᠳᠨᠠᠮ ᠭᠤᠸᠠᠢ ᠠᠪᠤᠭᠰᠠᠨ ᠃ ᠡᠨᠡ ᠬᠦᠮᠦᠨ ᠮᠣᠩᠭᠣᠯ ᠶᠠᠫᠣᠨ ᠥ ᠬᠠᠷᠢᠯᠴᠠᠭᠠᠨ ᠳ᠋ᠦ ᠰᠢᠨ᠎ᠡ ᠦᠶ᠎ᠡ ᠶᠢᠨ ᠬᠦᠭᠵᠢᠯ ᠤᠨ ᠰᠠᠭᠣᠷᠢ ᠵᠢ ᠲᠠᠯᠪᠢᠬᠤ ᠳ᠋ᠦ ᠂ ᠦᠷᠭᠡᠵᠢᠨ ᠬᠦᠭᠵᠢᠭᠦᠯᠬᠦ ᠳ᠋ᠦ ᠶᠡᠬᠡ ᠵᠦᠢᠯ ᠢ ᠬᠢᠵᠠᠢ ᠃ ᠮᠠᠨᠠᠶᠢᠬᠢ ᠡᠴᠡ 12 ᠬᠦᠮᠦᠨ ᠡᠨᠡ ᠱᠠᠩᠨᠠᠯ ᠢ ᠬᠦᠷᠲᠡᠭᠰᠡᠨ ᠃ ᠠᠷᠪᠠᠨ ᠭᠤᠷᠪᠠᠳᠠᠬᠢ ᠨᠢ ᠪᠢ ᠃
– ᠲᠠ ᠦᠪᠡᠷ ᠤᠨ ᠠᠮᠢᠳᠤᠷᠠᠯ ᠤᠨ 42 ᠵᠢᠯ ᠶᠢᠡᠨ ᠮᠣᠩᠭᠣᠯ ᠶᠠᠫᠣᠨ ᠥ ᠬᠠᠷᠢᠯᠴᠠᠭᠠᠨ ᠳ᠋ᠦ ᠵᠤᠷᠢᠭᠤᠯᠤᠭᠰᠠᠨ ᠭᠡᠯᠡ ᠃ ᠭᠡᠳᠡᠯ᠎ᠡ ᠳ᠋ᠢᠫᠯᠤᠮᠠᠲ ᠬᠠᠷᠢᠯᠴᠠᠭ᠎ᠠ ᠲᠤᠭᠲᠠᠭᠠᠭᠠᠳ 45 ᠵᠢᠯ ᠯᠠ ᠪᠤᠯᠵᠤ ᠪᠠᠶᠢᠨ᠎ᠠ ᠰᠢᠣ ᠳᠧ ᠃ ᠲᠡᠭᠡᠬᠦ ᠪᠡᠷ ᠶᠠᠭᠠᠬᠢᠬᠤ ᠠᠷᠭ᠎ᠠ ᠦᠭᠡᠢ ᠬᠤᠶᠠᠷ ᠣᠯᠤᠰ ᠤᠨ ᠬᠠᠷᠢᠯᠴᠠᠭᠠᠨ ᠥ ᠳᠡᠪᠰᠢᠯ ᠲᠠᠨ ᠥ ᠵᠢᠳᠭᠦᠯ ᠲᠠᠢ ᠬᠣᠯᠪᠤᠭ᠎ᠠ ᠲᠠᠢ ᠪᠠᠶᠢᠬᠤ ᠨᠢ ᠭᠠᠷᠴᠠᠭ᠎ᠠ ᠦᠭᠡᠢ ︖
– ᠬᠤᠶᠠᠷ ᠣᠯᠤᠰ ᠳ᠋ᠢᠫᠯᠤᠮᠠᠲ ᠬᠠᠷᠢᠯᠴᠠᠭ᠎ᠠ ᠲᠤᠭᠲᠠᠭᠠᠭᠰᠠᠨ ᠥ 45 ᠵᠢᠯ ᠤᠨ 42 ᠵᠢᠯ ᠳ᠋ᠦ ᠨᠢ ᠭᠠᠷ ᠪᠡᠶ᠎ᠡ ᠣᠷᠣᠯᠴᠠᠭᠰᠠᠨ ᠪᠠᠶᠢᠨ᠎ᠠ ᠃ ᠣᠷᠴᠢᠭᠤᠯᠤᠭᠴᠢ ᠡᠴᠡ ᠨᠢ ᠡᠬᠢᠯᠡᠭᠰᠡᠨ ᠂ ᠬᠠᠷᠢᠯᠴᠠᠭᠠᠨ ᠥ ᠡᠬᠢᠨ ᠥ ᠦᠶ᠎ᠡ ᠳ᠋ᠦ ᠳᠠᠶᠢᠨ ᠥ ᠲᠦᠯᠣᠪᠦᠷᠢ ᠂ ᠡᠳ᠋ ᠤᠨ ᠵᠠᠰᠠᠭ ᠤᠨ ᠬᠠᠮᠳᠤ ᠶᠢᠨ ᠠᠵᠢᠯᠯᠠᠭᠠᠨ ᠥ ᠠᠰᠠᠭᠣᠳᠠᠯ ᠤᠤᠨ ᠢ ᠰᠢᠢᠳᠬᠦ ᠂ ᠬᠣᠳᠠᠯᠳᠣᠭᠠᠨ ᠥ ᠂ ᠰᠤᠶᠤᠯ ᠤᠨ ᠂ ᠠᠭᠠᠷ ᠤᠨ ᠬᠠᠷᠢᠯᠴᠠᠭᠠᠨ ᠥ ᠭᠡᠳ ᠲᠦᠷᠦᠯ ᠪᠦᠷᠢ ᠵᠢᠨ ᠦᠨᠳᠦᠰᠦ ᠵᠢ ᠪᠦᠷᠢᠯᠳᠦᠬᠦᠯᠦᠭᠰᠡᠨ ᠭᠡᠷ᠎ᠠ ᠬᠡᠯᠡᠯᠴᠡᠭᠡᠷ ᠪᠠᠶᠢᠭᠤᠯᠬᠤ ᠂ ᠲᠡᠭᠦᠨ ᠢ ᠬᠢᠬᠦ ᠡᠴᠡ ᠡᠮᠦᠨᠡᠬᠢ ᠠᠭᠣᠯᠵᠠᠯᠲᠠ ᠬᠡᠯᠡᠯᠴᠡᠭᠡ ᠪᠦᠷᠢ ᠵᠢ ᠣᠷᠴᠢᠭᠤᠯᠵᠤ ᠶᠠᠪᠤᠯ᠎ᠠ ᠃ ᠲᠠᠷᠠᠭ᠎ᠠ ᠶᠢᠨ ᠱᠠᠲᠤᠨ ᠳ᠋ᠦ ᠨᠢ ᠲᠦᠷᠦ ᠵᠠᠰᠠᠭ ᠡᠴᠠ ᠶᠠᠫᠣᠨ ᠣᠯᠤᠰ ᠲᠠᠢ ᠬᠠᠷᠢᠯᠴᠠᠬᠣ ᠲᠠᠯ᠎ᠠ ᠪᠡᠷ ᠪᠠᠳᠣᠯᠠᠭᠰᠠᠨ ᠪᠤᠳᠤᠯᠭ᠎ᠠ ᠠᠷᠭ᠎ᠠ ᠬᠡᠮᠵᠢᠶ᠎ᠠ ᠨᠤᠭᠦᠳ ᠢ ᠬᠡᠷᠡᠭᠵᠢᠬᠦᠯᠬᠦ ᠳ᠋ᠦ ᠬᠦᠷᠵᠡ ᠪᠠᠷᠢᠭᠰᠠᠨ ᠬᠠᠷ᠎ᠠ ᠠᠵᠢᠯᠴᠢᠨ ᠶᠠᠪᠤᠯ᠎ᠠ ᠃ ᠳᠤᠮᠳᠠ ᠦᠶ᠎ᠡ ᠡᠴᠡ ᠪᠤᠳᠤᠯᠭ᠎ᠠ ᠪᠤᠯᠪᠠᠰᠤᠷᠠᠭᠤᠯᠵᠤ ᠂ ᠬᠡᠷᠡᠭᠵᠢᠬᠦᠯᠬᠦ ᠳ᠋ᠦ ᠨᠢ ᠣᠷᠤᠯᠴᠠᠳᠠᠭ ᠬᠦᠮᠦᠨ ᠪᠣᠯᠣᠯ᠎ᠠ ᠃ ᠰᠡᠭᠦᠯ ᠤᠨ 10 ᠭᠠᠷᠤᠢ ᠵᠢᠯ ᠳ᠋ᠦ ᠪᠤᠳᠤᠯᠭ᠎ᠠ ᠴᠢᠭ ᠭᠠᠷᠭᠠᠵᠤ ᠂ ᠪᠤᠯᠪᠠᠰᠤᠷᠠᠭᠤᠯᠳᠠᠭ ᠂ ᠲᠡᠭᠦᠨ ᠥ ᠪᠡᠨ ᠬᠡᠷᠡᠭᠵᠢᠭᠦᠯᠦᠯᠲᠡ ᠵᠢ ᠵᠤᠬᠢᠶᠠᠨ ᠪᠠᠶᠢᠭᠤᠯᠳᠠᠭ ᠠᠵᠢᠯ ᠬᠢᠯ᠎ᠡ ᠃
ᠮᠣᠩᠭᠣᠯ ᠶᠠᠫᠣᠨ ᠥ ᠬᠤᠭᠤᠷᠤᠨᠳᠦ ᠬᠠᠷᠢᠯᠴᠠᠭ᠎ᠠ ᠲᠣᠭᠲᠠᠭᠠᠬᠣ ᠠᠩᠬᠠᠨ ᠥ ᠪᠣᠯᠣᠮᠵᠢ 1956 ᠂ 1957 ᠣᠨ ᠨᠣᠭᠣᠳ ᠲᠦ ᠭᠠᠷᠤᠭᠰᠠᠨ ᠃ ᠶᠠᠫᠣᠨ ᠵᠦᠪᠯᠡᠯᠲᠦ ᠬᠣᠯᠪᠤᠭᠠᠲᠣ ᠣᠯᠣᠰ ᠲᠠᠢ 1956 ᠣᠨ ᠳ᠋ᠦ ᠬᠠᠷᠢᠯᠴᠠᠭ᠎ᠠ ᠪᠡᠨ ᠰᠡᠷᠭᠦᠭᠡᠭᠰᠡᠨ ᠥ ᠳᠠᠷᠠᠭ᠎ᠠ ᠨᠢᠭᠡᠲᠦᠭᠰᠡᠨ ᠦᠨᠳᠤᠰᠤᠲᠡᠨ ᠥ ᠪᠠᠶᠢᠭᠤᠯᠤᠯᠭ᠎ᠠ ᠳ᠋ᠦ ᠡᠯᠰᠡᠬᠦ ᠳ᠋ᠡᠭᠡᠨ ᠲᠤᠰ ᠣᠯᠤᠰ ᠤᠨ ᠳᠡᠮᠵᠢᠯᠭᠡ ᠵᠢ ᠠᠪᠬᠤ ᠬᠦᠰᠡᠯᠳᠡ ᠵᠢ ᠲᠠᠯᠪᠢᠭᠰᠠᠨ ᠪᠠᠶᠢᠨ᠎ᠠ ᠃ ᠲᠡᠷᠡ ᠦᠶ᠎ᠡ ᠳ᠋ᠦ ᠵᠦᠪᠯᠡᠯᠲᠦ ᠬᠣᠯᠪᠤᠭᠠᠲᠣ ᠣᠯᠣᠰ ᠰᠦᠷᠭᠡᠣᠯᠡᠭᠡᠳ ᠂ ᠲᠡᠭᠡᠪᠡᠯ ᠮᠣᠩᠭᠣᠯ ᠂ ᠶᠠᠫᠣᠨ ᠢ ᠬᠠᠮᠳᠤ ᠨᠢᠭᠡᠲᠦᠭᠰᠡᠨ ᠦᠨᠳᠤᠰᠤᠲᠡᠨ ᠥ ᠪᠠᠶᠢᠭᠤᠯᠤᠯᠭ᠎ᠠ ᠳ᠋ᠦ ᠡᠯᠰᠡᠭᠦᠯᠦᠶᠡ ᠭᠡᠵᠡᠢ ᠃ ᠡᠨᠳᠡ ᠡᠴᠡ ᠮᠠᠨ ᠥ ᠬᠤᠶᠠᠷ ᠣᠷᠣᠨ ᠥ ᠳᠠᠶᠢᠨ ᠥ ᠳᠠᠷᠠᠭᠠᠬᠢ ᠨᠠᠶᠢᠷᠠᠮᠳᠠᠯ ᠤᠨ ᠵᠠᠮᠨᠠᠯ ᠡᠬᠢᠯᠡᠭᠰᠡᠨ ᠃ 1957 ᠣᠨ ᠳ᠋ᠦ ᠣᠭ ᠲᠤᠬᠢᠷᠠᠯᠴᠠᠭᠠᠨ ᠳ᠋ᠦ ᠵᠦᠪᠯᠡᠯᠲᠣ ᠲᠤᠮᠤᠬᠠᠨ ᠪᠠᠶᠢᠷᠢ ᠰᠠᠭᠣᠷᠢ ᠲᠠᠢ ᠪᠠᠶᠢᠭᠰᠠᠨ ᠣᠴᠢᠷ ᠡᠴᠠ ᠭᠠᠷ ᠡᠷᠭᠦᠭᠡᠳ ᠶᠠᠫᠣᠨ ᠨᠣᠭᠤᠭᠠᠨ ᠭᠡᠷᠡᠯ ᠶᠢᠡᠷ ᠨᠢᠭᠡᠲᠦᠭᠰᠡᠨ ᠦᠨᠳᠤᠰᠤᠲᠡᠨ ᠥ ᠪᠠᠶᠢᠭᠤᠯᠤᠯᠭ᠎ᠠ ᠳ᠋ᠦ ᠡᠯᠰᠡᠭᠰᠡᠨ᠃ ᠲᠡᠷᠡ ᠦᠶ᠎ᠡ ᠳ᠋ᠦ ᠠᠶᠤᠯᠭᠦᠢ ᠶ᠋ᠢᠨ ᠵᠦᠪᠯᠡᠯ ᠤᠨ ᠪᠠᠶᠢᠩᠭᠤ ᠶᠢᠨ ᠲᠠᠪᠣᠨ ᠭᠡᠰᠢᠭᠦᠨ ᠥ ᠨᠢᠭᠡ ᠨᠢ ᠲᠠᠶᠢᠸᠠᠨ ᠪᠠᠶᠢᠭᠰᠠᠨ ᠶᠤᠮ ᠃ ᠲᠤᠰ ᠣᠯᠤᠰ ᠂ ᠮᠣᠩᠭᠣᠯ ᠪᠤᠯ ᠪᠡᠶ᠎ᠡ ᠳᠠᠭᠠᠭᠠᠵᠣ ᠬᠦᠭᠵᠢᠬᠦ ᠨᠦᠬᠦᠴᠡᠯ ᠪᠦᠷᠢᠳᠦᠭᠡ ᠦᠭᠡᠢ ᠣᠷᠤᠨ ᠭᠡᠬᠦ ᠰᠢᠯᠳᠠᠭᠠᠨ ᠶᠢᠡᠷ ᠲᠡᠭᠡᠭ ᠲᠠᠯᠪᠢᠭᠰᠠᠨ ᠣᠴᠢᠷ ᠡᠴᠠ ᠮᠣᠩᠭᠣᠯ ᠣᠯᠤᠰ ᠲᠤᠬᠠᠢ ᠶ᠋ᠢᠨ ᠦᠶ᠎ᠡ ᠳ᠋ᠦ ᠡᠯᠰᠡᠵᠤ ᠴᠢᠳᠠᠭ᠎ᠠ ᠦᠭᠡᠢ ᠃ ᠲᠡᠭᠦᠨ ᠡᠴᠡ ᠬᠤᠶᠢᠰᠢ ᠲᠦᠷᠪᠡᠨ ᠵᠢᠯ ᠤᠨ ᠳᠠᠷᠠᠭ᠎ᠠ ᠪᠤᠶᠤ 1961 ᠣᠨ ᠳ᠋ᠦ ᠨᠢᠭᠡᠲᠦᠭᠰᠡᠨ ᠦᠨᠳᠤᠰᠤᠲᠡᠨ ᠥ ᠪᠠᠶᠢᠭᠤᠯᠤᠯᠭ᠎ᠠ ᠳ᠋ᠦ ᠡᠯᠰᠡᠭᠰᠡᠨ᠃ ᠬᠠᠮᠤᠭ ᠤᠨ ᠲᠦᠷᠦᠭᠦᠨ ᠳ᠋ᠦ ᠭᠠᠷ ᠡᠷᠭᠦᠵᠦ ᠂ ᠮᠣᠩᠭᠣᠯ ᠣᠯᠤᠰ ᠢ ᠲᠡᠮᠵᠢᠭᠰᠡᠨ ᠣᠷᠣᠨ ᠨᠣᠭᠣᠳ ᠤᠨ ᠨᠢᠭᠡ ᠶᠠᠫᠣᠨ ᠪᠠᠶᠢᠯ᠎ᠠ ᠃ ᠣᠯᠠᠮ ᠶᠢᠡᠷ 1972 ᠣᠨ ᠥ ᠬᠣᠶᠠᠳᠣᠭᠠᠷ ᠰᠠᠷ᠎ᠠ ᠶ᠋ᠢᠨ 24 ᠳ᠋ᠦ ᠶᠠᠫᠣᠨ ᠲᠠᠢ ᠳ᠋ᠢᠫᠯᠤᠮᠠᠲ ᠬᠠᠷᠢᠯᠴᠠᠭ᠎ᠠ ᠲᠤᠭᠳᠠᠭᠠᠭᠰᠠᠨ ᠃ ᠳᠠᠶᠢᠨ ᠥ ᠲᠦᠯᠣᠪᠤᠷᠢ ᠪᠡᠨ ᠡᠳ᠋ ᠤᠨ ᠵᠠᠰᠠᠭ ᠤᠨ ᠬᠠᠮᠳᠤ ᠶᠢᠨ ᠠᠵᠢᠯᠯᠠᠭᠠᠨ ᠥ ᠵᠢᠷᠣᠮ ᠶᠢᠡᠷ ᠰᠢᠢᠳᠤᠶᠡ ᠭᠡᠵᠦ ᠲᠤᠬᠢᠷᠠᠭᠰᠠᠨ ᠂ ᠲᠡᠭᠡᠭᠡᠳ 5 ᠲᠠᠷᠪᠣᠮ ᠶᠸᠨ ᠥ ᠬᠦᠷᠦᠩᠭᠡ ᠪᠡᠷ ᠦᠨᠦ ᠶᠢᠨ ︽ ᠭᠣᠪᠢ ︾ ᠺᠤᠮᠫᠠᠨᠢ ᠪᠠᠶᠢᠭᠣᠯᠣᠭᠳᠠᠭᠰᠠᠨ ᠶᠤᠮ ᠰᠢᠣ ᠳᠧ ᠃ 1990 ᠣᠨ ᠥ ᠠᠷᠠᠳᠴᠢᠯᠠᠭᠰᠠᠨ ᠬᠦᠳᠡᠯᠭᠡᠭᠡᠨ ᠦᠷᠨᠢᠭᠡᠳ ᠡᠬᠢᠯᠡᠬᠦ ᠪᠡᠷ ᠬᠤᠶᠠᠷ ᠣᠯᠤᠰ ᠤᠨ ᠡᠷᠬᠡ ᠠᠰᠢᠭ ᠂ ᠰᠤᠨᠢᠷᠬᠠᠯ ᠨᠢᠭᠡᠳᠴᠦ ᠂ ᠬᠠᠷᠢᠯᠴᠠᠭ᠎ᠠ ᠦᠰᠦᠷᠦᠩᠭᠦᠢ ᠬᠦᠭᠵᠢᠭᠰᠡᠨ ᠃
-ᠲᠠᠨ ᠥ ᠭᠡᠷ ᠲᠦ ᠶᠠᠫᠣᠨ ᠥ ᠬᠠᠳᠤᠨ ᠬᠠᠭᠠᠨ ᠵᠤᠴᠢᠯᠠᠵᠤ ᠪᠠᠶᠢᠭᠰᠠᠨ ᠭᠡᠰᠡᠨ ᠤᠣ ︖ ᠡᠨᠡ ᠨᠢ ᠮᠣᠩᠭᠣᠯ ᠶᠠᠫᠣᠨ ᠥ ᠬᠠᠷᠢᠯᠴᠠᠭ᠎ᠠ ᠵᠢ ᠣᠨᠴᠠᠭᠠᠶᠢᠯᠠᠨ ᠦᠵᠡᠵᠦ ᠪᠠᠶᠢᠭ᠎ᠠ ᠵᠢᠨ ᠢᠯᠡᠷᠡᠯ ᠮᠦᠨ ᠤᠣ ︖
– ᠮᠦᠨ ᠃ ᠨᠠᠶᠢᠷᠰᠠᠭ ᠬᠠᠷᠢᠯᠴᠠᠭ᠎ᠠ ᠲᠠᠢ ᠪᠠᠶᠢᠭ᠎ᠠ ᠦᠭᠡᠢ ᠪᠤᠯ ᠂ ᠲᠡᠷᠡ ᠬᠠᠷᠢᠯᠴᠠᠭᠠᠨ ᠥ ᠰᠠᠶᠢᠬᠠᠨ ᠠᠭᠣᠷ ᠠᠮᠢᠰᠬᠣᠯ ᠲᠡᠭᠡᠷ᠎ᠡ ᠡᠯᠴᠢᠨ ᠰᠠᠶᠢᠳ ᠨᠢ ᠠᠵᠢᠯ ᠬᠡᠷᠡᠭ ᠤᠨ ᠬᠠᠷᠢᠯᠴᠠᠭ᠎ᠠ ᠲᠤᠭᠲᠠᠭᠠᠵᠦ ᠴᠢᠳᠠᠭ᠎ᠠ ᠦᠭᠡᠢ ᠪᠤᠯ ᠬᠠᠳᠤᠨ ᠬᠠᠭᠠᠨ ᠢᠷᠡᠬᠦ ᠦᠭᠡᠢ ᠂ ᠬᠠᠨ ᠬᠦᠦ ᠬᠤᠶᠠᠷ ᠣᠳᠠᠭ᠎ᠠ ᠵᠤᠴᠢᠯᠠᠬᠤ ᠦᠭᠡᠢ ᠂ ᠬᠤᠩ ᠲᠠᠶᠢᠵᠢ ᠮᠣᠩᠭᠣᠯ ᠳᠦ ᠠᠶᠢᠯᠴᠢᠯᠠᠬᠤ ᠦᠭᠡᠢ ᠪᠠᠶᠢᠭᠰᠠᠨ ᠃ ᠡᠨᠡ ᠨᠢ ᠬᠤᠶᠠᠷ ᠣᠷᠣᠨ ᠥ ᠬᠠᠷᠢᠯᠴᠠᠭ᠎ᠠ ᠰᠠᠶᠢᠨ ᠪᠠᠶᠢᠭ᠎ᠠ ᠵᠢᠨ ᠬᠢ ᠃
– ᠬᠠᠳᠤᠨ ᠬᠠᠭᠠᠨ ᠭᠠᠳᠠᠭᠠᠳᠤ ᠶᠢᠨ ᠡᠯᠴᠢᠨ ᠰᠠᠶᠢᠳ ᠤᠨ ᠶᠠᠮᠣᠨ ᠳ᠋ᠦ ᠣᠴᠢᠭᠰᠠᠨ ᠳᠦᠷᠪᠡᠳᠡᠬᠢ ᠲᠣᠬᠢᠶᠠᠯᠳᠣᠯ ᠮᠠᠨᠠᠶᠢᠬᠢ ᠶᠤᠮ ᠪᠢᠯᠡ ᠃ ᠶᠡᠷᠦ ᠨᠢ ᠬᠠᠭᠠᠨ ᠂ ᠬᠠᠳᠤᠨ ᠡᠯᠴᠢᠨ ᠰᠠᠶᠢᠳ ᠨᠠᠷ ᠤᠨ ᠬᠢ ᠪᠠᠷ ᠶᠠᠪᠣᠭᠠᠳ ᠪᠠᠶᠢᠳᠠᠭ ᠦᠭᠡᠢ ᠃ ᠮᠠᠨ ᠥ ᠳ᠋ᠦ ᠬᠠᠭᠠᠯᠲᠠᠲᠠᠢ ᠪᠠᠷ ᠢᠷᠡᠭᠰᠡᠨ ᠃ ᠦᠭᠡᠷ᠎ᠡ ᠪᠡᠷ ᠬᠡᠯᠡᠪᠡᠯ ᠭᠠᠳᠠᠭᠰᠢ ᠪᠡᠨ ᠵᠠᠷᠯᠠᠬᠤ ᠦᠭᠡᠢ ᠂ ᠮᠡᠳᠡᠭᠡᠯᠡᠬᠦ ᠦᠭᠡᠢ ᠭᠡᠰᠡᠨ ᠪᠤᠯᠵᠤᠯ ᠲᠠᠢ ᠪᠡᠷ ᠵᠤᠴᠢᠯᠠᠵᠤ ᠪᠠᠶᠢᠯ᠎ᠠ ᠃ 2016 ᠣᠨ ᠥ ᠵᠢᠷᠭᠤᠳᠤᠭᠠᠷ ᠰᠠᠷ᠎ᠠ ᠶᠢᠨ 1 ᠳ᠋ᠦ ᠬᠠᠳᠤᠨ ᠬᠠᠭᠠᠨ ᠮᠣᠩᠭᠣᠯ ᠤᠨ ᠡᠯᠴᠢᠨ ᠰᠠᠶᠢᠳ ᠤᠨ ᠶᠠᠮᠣᠨ ᠳ᠋ᠦ ᠠᠶᠢᠯᠴᠢᠯᠠᠭᠰᠠᠨ ᠃
– ᠬᠠᠨ ᠬᠦᠦ ᠳᠣᠭᠰᠢᠨ ᠬᠤᠲᠤᠭᠲᠤ ᠳ᠋ᠠᠨᠽᠠᠨᠷᠠᠪᠵᠠᠢ ᠶ᠋ᠢ ᠰᠤᠳᠤᠯᠳᠠᠭ ᠲᠡᠳᠦᠢ ᠦᠭᠡᠢ ᠦᠪᠡᠷ ᠤᠨ ᠬᠦᠰᠡᠯᠲᠡ ᠪᠡᠷ ᠶᠢᠡᠨ ᠬᠠᠮᠠᠷ ᠤᠨ ᠬᠡᠶᠢᠳ ᠲᠦ ᠣᠴᠢᠭᠰᠠᠨ ᠪᠠᠶᠢᠬᠤ ᠡ ︖
-ᠡᠶᠢᠮᠦ ᠶᠠᠪᠣᠳᠠᠯ ᠪᠣᠯᠣᠭᠰᠠᠨ ᠶᠤᠮ ᠃ ᠨᠠᠮᠠᠶᠢ ᠠᠩᠬ᠎ᠠ ᠶᠠᠫᠣᠨ ᠳ᠋ᠦ ᠡᠯᠴᠢᠨ ᠰᠠᠶᠢᠳ ᠵᠢᠡᠷ ᠣᠴᠢᠬᠤ ᠳ᠋ᠦ ᠬᠠᠭᠠᠨ ᠥ ᠣᠷᠳᠤᠨ ᠡᠴᠡ ᠡᠯᠴᠢᠨ ᠰᠠᠶᠢᠳ ᠨᠠᠷ ᠤᠨ ᠵᠤᠭᠠᠯᠠᠯᠭᠠ ᠵᠤᠬᠢᠶᠠᠨ ᠪᠠᠶᠢᠭᠣᠯᠪᠠ ᠃ ᠲᠡᠨᠳᠡ ᠶᠠᠭᠤ ᠪᠤᠯᠳᠠᠭ ᠪᠤᠢ ᠭᠡᠬᠦ ᠪᠡᠷ ᠵᠣᠴᠢᠳ ᠨᠣᠭᠣᠰᠣᠨ ᠥ ᠠᠩ ᠬᠢᠨ᠎ᠡ ᠃ ᠦᠭᠡᠷ᠎ᠡ ᠪᠡᠷ ᠬᠡᠯᠡᠪᠡᠯ ᠴᠦᠭᠦᠷᠦᠮ ᠳ᠋ᠦ ᠵᠡᠷᠯᠢᠭ ᠨᠤᠭᠤᠰᠤ ᠨᠤᠭᠤᠳ ᠢᠷᠡᠵᠦ ᠪᠠᠭᠤᠮᠠᠭᠴᠠ ᠪᠠᠷᠢᠵᠦ ᠠᠪᠤᠭᠠᠳ ᠪᠦᠭᠡᠵᠢᠯᠡᠭᠡᠳ ᠨᠢᠰᠭᠡᠳᠡᠭ ᠵᠠᠩ ᠣᠶᠢᠯᠠ ᠯᠠ ᠳᠧ ᠃ ᠲᠡᠨᠳᠡ ᠬᠠᠨ ᠬᠦᠦ ᠲᠠᠢ ᠠᠭᠤᠯᠵᠠᠭᠠᠳ ᠨᠡᠯᠢᠶᠡᠳ ᠶᠠᠷᠢᠯᠴᠠᠵᠦ ᠡᠯᠴᠢᠨ ᠰᠠᠶᠢᠳ ᠤᠨ ᠶᠠᠮᠣᠨ ᠳ᠋ᠦ ᠣᠷᠢᠬᠤ ᠳ᠋ᠦ ᠳᠣᠷᠠᠲᠠᠶᠢᠶᠠ ᠵᠦᠪᠰᠢᠶᠡᠷᠡᠪᠡ ᠃ ᠬᠠᠨ ᠬᠦᠦ ᠪᠣᠷᠬᠠᠨ ᠱᠠᠰᠢᠨ ᠥ ᠰᠤᠶᠤᠯ ᠤᠨ ᠲᠠᠯ᠎ᠠ ᠪᠡᠷ ᠶᠡᠬᠡ ᠰᠤᠳᠤᠯᠳᠠᠭ ᠂ ᠮᠡᠳᠡᠯᠭᠡ ᠠᠷᠪᠢᠨ ᠲᠠᠢ ᠲᠡᠳᠦᠢ ᠦᠭᠡᠢ ᠭᠤᠪᠢ ᠶᠢᠨ ᠳᠣᠭᠰᠢᠨ ᠬᠤᠲᠤᠭᠲᠤ ᠳ᠋ᠠᠨᠽᠠᠨᠷᠠᠪᠵᠠᠢ ᠶ᠋ᠢ ᠰᠤᠨᠢᠷᠬᠠᠳᠠᠭ ᠢ ᠮᠡᠳᠡᠵᠦ ᠠᠪᠣᠪᠠ ᠃ ᠲᠡᠷᠠ ᠪᠡᠷ ᠄ ᠣᠯᠠᠭᠠᠨ ᠥ ᠱᠠᠰᠢᠨ ᠥ ᠲᠦᠯᠦᠭᠡᠯᠡᠭᠴᠢ ᠷᠠᠪᠵᠠᠢ ᠬᠤᠲᠤᠭᠲᠤ ᠲᠠᠨ ᠥ ᠳ᠋ᠦ ᠠᠮᠢᠳᠤᠷᠠᠵᠤ ᠪᠠᠶᠢᠵᠠᠢ ᠃ ᠡᠨᠡ ᠲᠠᠯ᠎ᠠ ᠪᠡᠷ ᠳᠡᠯᠭᠡᠷᠡᠩᠭᠦᠢ ᠰᠤᠳᠤᠯᠤᠮᠠᠷ ᠪᠠᠶᠢᠨ᠎ᠠ ᠭᠡᠪᠡ ᠃ ᠪᠢ ᠠᠩᠭ᠍ᠯᠢ ᠲᠡᠭᠡᠷ᠎ᠡ ᠣᠩᠰᠢᠬᠤ ᠪᠣᠯᠣᠮᠵᠢᠲᠠᠢ ᠪᠦᠬᠦ ᠮᠠᠲ᠋ᠧᠷᠢᠶᠠᠯ ᠢ ᠴᠣᠭᠯᠠᠭᠣᠯᠵᠣ ᠂ ᠰᠤᠰᠤᠷᠪᠠᠷᠠᠮ ᠤᠨ ᠲᠤᠭᠯᠠᠭᠰᠠᠨ ︽ ᠳᠣᠭᠰᠢᠨ ᠬᠤᠳᠤᠭᠲᠤ ᠶᠢᠨ ᠰᠠᠬᠢᠭᠣᠰᠣ ︾ ᠺᠢᠨᠣ᠋ ᠵᠢ ᠦᠵᠡᠭᠦᠯᠦᠯ᠎ᠡ ᠃ ᠲᠡᠭᠦᠨ ᠥ ᠰᠤᠨᠢᠷᠬᠠᠯ ᠮᠣᠩᠭᠣᠯ ᠳᠤ ᠣᠯᠠᠮ ᠲᠠᠳᠠᠭᠳᠠᠭᠰᠠᠨ ᠪᠦᠭᠡᠳ ᠬᠤᠳᠤᠭᠲᠤ ᠶᠢᠨ ᠠᠮᠢᠳᠤᠷᠠᠵᠤ ᠪᠠᠶᠢᠭᠰᠠᠨ ᠭᠠᠵᠠᠷ ᠬᠠᠮᠠᠷ ᠤᠨ ᠬᠡᠶᠢᠳ ᠲᠠᠢ ᠲᠠᠨᠢᠯᠴᠠᠬᠤ ᠪᠡᠷ 2002 ᠣᠨ ᠥ ᠵᠢᠷᠭᠣᠭᠠᠨ ᠰᠠᠷ᠎ᠠ ᠳ᠋ᠦ ᠮᠣᠩᠭᠣᠯ ᠳᠤ ᠠᠶᠢᠯᠴᠢᠯᠠᠭᠰᠠᠨ ᠪᠢᠯᠡ᠃
– ᠬᠠᠮᠠᠷ ᠤᠨ ᠬᠡᠶᠢᠳ ᠲᠦ ᠬᠠᠨ ᠬᠦᠦ ᠳ᠋ᠦ ᠭᠡᠨᠡᠳᠳᠡ ᠶᠢᠨ ᠪᠡᠯᠡᠭ ᠪᠠᠷᠢᠭᠰᠠᠨ ᠭᠡᠰᠡᠨ᠃ ᠲᠡᠷᠡ ᠨᠢ ᠶᠠᠭᠤ ᠪᠠᠶᠢᠭᠰᠠᠨ ᠶᠤᠮ ᠪᠤᠢ ︖
– ᠲᠡᠨᠳᠡ ᠬᠤᠳᠤᠭᠲᠤ ᠶᠢᠨ ᠪᠢᠰᠢᠯᠭᠠᠯ ᠬᠢᠭᠰᠡᠨ ᠠᠭᠣᠢ ᠪᠠᠶᠢᠳᠠᠭ ᠳ᠋ᠠ ᠃ ᠰᠤᠰᠤᠷᠪᠠᠷᠠᠮ ᠪᠢᠳᠡ ᠬᠤᠶᠠᠷ ᠶᠠᠷᠢᠯᠴᠠᠵᠦ ᠪᠠᠶᠢᠭᠠᠳ ᠬᠠᠨ ᠬᠦᠦ ᠳ᠋ᠦ ᠭᠡᠨᠡᠳᠳᠡ ᠶᠢᠨ ᠪᠡᠯᠡᠭ ᠪᠠᠷᠢᠭᠰᠠᠨ᠃ ᠰᠤ᠋ ᠳ᠋ᠦ ᠳ᠋ᠠᠨᠽᠠᠨᠷᠠᠪᠵᠠᠢ ᠶᠢᠨ ᠬᠤᠪᠴᠠᠰᠤ ᠵᠢ ᠡᠮᠦᠰᠦᠭᠦᠯᠦᠭᠡᠳ ᠲᠦᠷᠦᠭᠦᠯᠡᠵᠤ ᠠᠪᠴᠤ ᠣᠴᠢᠭᠠᠳ ᠠᠭᠤᠢ ᠳ᠋ᠦ ᠰᠠᠭᠤᠯᠭᠠᠴᠢᠬᠠᠭᠰᠠᠨ ᠶᠤᠮ ᠃ ᠲᠡᠭᠡᠭᠡᠳ ᠪᠢ ᠠᠭᠣᠢ ᠣᠷᠣᠭᠣ ᠬᠠᠨ ᠬᠦᠦ ᠵᠢ ᠲᠠᠭᠠᠭᠤᠯᠵᠤ ᠣᠴᠢᠬᠤ ᠭᠱᠠᠨ ᠳᠤ ᠰᠤ᠋ ︽ ᠦᠯᠠᠮᠵᠢ ᠶᠢᠨ ᠴᠢᠨᠠᠷ ︾ ᠢ ᠲᠠᠭᠤᠯᠠᠭᠰᠠᠨ ᠃ ᠬᠠᠨ ᠬᠦᠦ ᠪᠦᠷ ᠪᠠᠯᠮᠠᠭᠳᠠᠭᠰᠠᠨ᠃ ᠡᠮᠦᠨ᠎ᠡ ᠨᠢ ᠺᠢᠨᠣ᠋ ᠦᠵᠡᠴᠢᠬᠠᠭᠰᠡᠨ ᠂ ᠺᠢᠨᠣ᠋ ᠡᠴᠡ ᠬᠤᠨᠣᠭᠰᠢᠭᠰᠠᠨ ᠳ᠋ᠠᠨᠽᠠᠨᠷᠠᠪᠵᠠᠢ ᠶᠢᠨ ᠳᠦᠷᠢ ᠨᠢᠳᠦᠨ ᠥ ᠡᠮᠦᠨ᠎ᠡ ᠪᠡᠶᠡᠯᠡᠯ ᠶᠢᠡᠨ ᠣᠯᠤᠭᠰᠠᠨ ᠨᠢ ᠦᠨᠡᠬᠡᠷ ᠭᠡᠨᠡᠳᠳᠡ ᠶᠢᠨ ᠪᠡᠯᠡᠭ ᠪᠣᠯᠪᠡ ᠃ ᠪᠠᠶᠠᠷᠯᠠᠭᠰᠠᠨ ᠳ᠋ᠠᠭᠠᠨ ᠳᠠᠭᠤ ᠠᠯᠳᠠᠵᠦ ᠂ ᠰᠤ᠋ ᠶᠢᠨ ᠭᠠᠷ ᠡᠴᠡ ᠪᠠᠷᠢᠵᠦ ᠲᠠᠯᠠᠷᠬᠠᠭᠰᠠᠨ ᠶᠢᠡᠨ ᠢᠯᠡᠷᠬᠡᠢᠯᠡᠭᠰᠡᠨ ᠃ ᠬᠠᠨ ᠬᠦᠦ ᠲᠡᠷᠡ ᠪᠦᠷᠢ ᠬᠦᠮᠦᠨ ᠲᠠᠢ ᠭᠠᠷ ᠪᠠᠷᠢᠳᠠᠭ ᠦᠭᠡᠢ ᠶᠤᠮ ᠃
– ᠬᠠᠨ ᠬᠦᠦ ᠶᠢᠨ ᠠᠬ᠎ᠠ ᠮᠣᠩᠭᠣᠯ ᠳ᠋ᠤ ᠠᠶᠢᠯᠴᠢᠯᠠᠬᠤ ᠳ᠋ᠠᠭᠠᠨ ᠮᠤᠷᠢᠨ ᠬᠤᠭᠤᠷ ᠤᠨ ᠴᠢᠭᠤᠯᠭᠠᠨ ᠤ ᠬᠢᠨ ᠲᠠᠢ ᠬᠦᠭᠵᠢᠮᠳᠡᠵᠦ ᠪᠠᠶᠢᠭᠰᠠᠨ ᠢ ᠰᠤᠨᠣᠰᠴᠤ ᠪᠠᠶᠢᠭᠰᠠᠨ ︖
– ᠲᠡᠶᠢᠮᠦ ᠡ ᠂ ᠬᠤᠩ ᠲᠠᠶᠢᠵᠢ 2006 ᠣᠨ ᠳ᠋ᠦ ᠮᠣᠩᠭᠣᠯ ᠠᠶᠢᠯᠴᠢᠯᠠᠪᠠ ᠃ ᠲᠡᠷᠡ ᠬᠢᠭᠢᠯᠢ ᠶᠡᠬᠡ ᠰᠠᠶᠢᠬᠠᠨ ᠲᠤᠭᠯᠠᠨ᠎ᠠ ᠃ ᠬᠤᠩ ᠲᠠᠶᠢᠵᠢ 2019 ᠣᠨ ᠥ ᠲᠠᠪᠤᠳᠣᠭᠠᠷ ᠰᠠᠷ᠎ᠠ ᠶᠢᠨ ᠨᠢᠭᠡᠨ ᠳ᠋ᠦ ᠬᠠᠭᠠᠨ ᠰᠢᠷᠡᠭᠡᠨ ᠳᠦ ᠰᠠᠭᠤᠨ᠎ᠠ ᠃ ᠳᠡᠯᠡᠬᠠᠢ ᠳ᠋ᠠᠬᠢᠨ ᠳ᠋ᠦ ᠡᠵᠡᠨ ᠬᠠᠭᠠᠨ ᠮᠠᠰᠢ ᠴᠦᠬᠠᠨ ᠂ ᠭᠡᠳᠡᠯ᠎ᠡ ᠡᠵᠡᠨ ᠬᠠᠭᠠᠨ ᠢ ᠦᠪᠡᠷ ᠤᠨ ᠵᠢᠡᠨ ᠲᠢᠶᠠᠲ᠋ᠷ ᠲᠦ ᠮᠤᠷᠢᠨ ᠬᠤᠭᠤᠷ ᠤᠨ ᠴᠢᠭᠤᠯᠭᠠᠨ ᠤ ᠬᠢᠨ ᠲᠠᠢ ᠬᠢᠭᠢᠯᠢ ᠲᠤᠭᠯᠠᠭᠤᠯᠤᠭᠰᠠᠨ ᠭᠡᠬᠦ ᠪᠡᠷ ᠰᠣᠨᠢᠨ ᠣᠴᠠᠷᠠᠯ ᠲᠣᠬᠢᠷᠠᠭ᠎ᠠ ᠪᠦᠷᠢᠳᠦᠭᠰᠡᠨ ᠪᠠᠶᠢᠭ᠎ᠠ ᠪᠢᠵᠠ ᠳᠧ ᠂ ᠬᠤᠩ ᠲᠠᠶᠢᠵᠢ ᠮᠠᠰᠢ ᠦᠨᠳᠦᠷ ᠰᠡᠳᠬᠢᠭᠳᠡᠯ ᠲᠠᠢ ᠨᠣᠲᠣᠭ ᠪᠣᠴᠠᠭᠰᠠᠨ ᠂ ᠲᠡᠷᠠ ᠪᠡᠷ ᠳᠠᠬᠢᠨ ᠠᠶᠢᠯᠴᠢᠯᠠᠬᠤ ᠣᠷᠣᠨ ᠥ ᠲᠣᠭᠠᠨ ᠳ᠋ᠦ ᠮᠣᠩᠭᠣᠯ ᠪᠠᠶᠢᠭ᠎ᠠ ᠰᠢᠣ ᠭᠡᠵᠦ ᠬᠡᠯᠡᠭᠰᠡᠨ᠃
– ᠶᠠᠫᠣᠨ ᠥ ᠶᠡᠷᠦᠩᠬᠠᠢ ᠰᠠᠶᠢᠳ ᠠᠪᠧ ᠲᠠᠢ ᠲᠠᠨ ᠢ ᠶᠡᠬᠡ ᠳᠤᠲᠤᠨᠤ ᠨᠦᠬᠦᠷᠯᠡᠭᠰᠡᠨ ᠭᠡᠬᠦ ᠶᠤᠮ ᠪᠢᠯᠡ᠃ ᠶᠡᠷᠦᠩᠬᠡᠢᠯᠡᠭᠴᠢ ᠵᠢ ᠭᠡᠷ ᠲᠡᠭᠡᠨ ᠬᠠᠯᠠᠭᠣᠨ ᠲᠤᠳᠤᠨᠤ ᠪᠡᠷ ᠬᠦᠯᠢᠶᠡᠨ ᠠᠪᠤᠭᠰᠠᠨ ᠨᠢ ᠲᠡᠤᠬᠡᠨ ᠳ᠋ᠡᠭᠡᠨ ᠠᠩᠬᠠᠨ ᠥ ᠲᠣᠬᠢᠶᠠᠯᠳᠣᠯ ᠭᠡᠵᠦ ᠦᠨᠡᠨ ᠤᠣ ︖
– 2014 ᠣᠨ ᠳ᠋ᠦ ᠶᠡᠷᠦᠩᠬᠡᠢᠯᠡᠭᠴᠢ ᠴ ᠂ ᠡᠯᠪᠡᠭᠳᠣᠷᠵᠢ ᠵᠢ ᠭᠡᠷ ᠲᠡᠭᠡᠨ ᠣᠷᠢᠵᠣ ᠠᠭᠣᠯᠵᠠᠭᠰᠠᠨ ᠶᠤᠮ ᠃ ᠭᠡᠷ ᠣᠷᠤᠨ ᠳ᠋ᠠᠭᠠᠨ ᠭᠠᠳᠠᠨ᠎ᠠ ᠵᠢᠨ ᠦᠨᠳᠦᠷ ᠬᠡᠮᠵᠢᠶᠡᠨ ᠥ ᠵᠣᠴᠢᠨ ᠬᠦᠯᠢᠶᠡᠨ ᠠᠪᠤᠭᠰᠠᠨ ᠠᠩᠬᠠᠨ ᠥ ᠲᠣᠬᠢᠶᠠᠯᠳᠣᠯ ᠃ ᠡᠨᠡ ᠨᠢ ᠠᠪᠧ ᠶᠢᠨ ᠮᠣᠩᠭᠣᠯ ᠣᠯᠤᠰ ᠤᠨ ᠲᠠᠯ᠎ᠠ ᠪᠡᠷ ᠬᠢ ᠰᠡᠳᠭᠢᠭᠳᠡᠯ ᠂ ᠢᠳᠡᠭᠡᠯ ᠨᠠᠶᠢᠳᠠᠪᠤᠷᠢ ᠶᠠᠮᠠᠷ ᠲᠦᠪᠰᠢᠨ ᠳ᠋ᠦ ᠪᠠᠶᠢᠭ᠎ᠠ ᠵᠢ ᠂ ᠮᠣᠩᠭᠣᠯ ᠣᠯᠤᠰ ᠲᠦ ᠶᠠᠮᠠᠷ ᠠᠴᠢ ᠬᠣᠯᠪᠤᠭᠲᠠᠯ ᠦᠭᠴᠦ ᠪᠤᠢ ᠶᠢᠨ ᠲᠣᠮᠣ ᠢᠯᠡᠷᠬᠡᠢᠯᠡᠯ ᠶᠤᠮ ᠃ ᠶᠡᠷᠦᠩᠬᠠᠢ ᠰᠠᠶᠢᠳ ᠨᠠᠷ ᠲᠦ ᠶᠡᠷᠦᠩᠬᠡᠢ ᠰᠠᠶᠢᠳ ᠤᠨ ᠣᠷᠳᠤᠨ ᠪᠤᠢ ᠃ ᠲᠡᠨᠳᠡ ᠠᠵᠢᠯ ᠤᠨ ᠬᠡᠰᠡᠭ ᠤᠨ ᠣᠷᠳᠤᠨ ᠂ ᠦᠪᠡᠷᠰᠡᠳ ᠤᠨ ᠠᠮᠢᠳᠣᠷᠠᠳᠠᠭ ᠦᠷᠭᠦᠭᠡ ᠪᠠᠶᠢᠷᠢᠯᠠᠨ᠎ᠠ ᠃ ᠠᠪᠧ ᠲᠡᠷᠡ ᠦᠷᠭᠦᠭᠡᠨ ᠳ᠋ᠦ ᠪᠠᠨ ᠠᠮᠢᠳᠤᠷᠠᠳᠠᠭ ᠦᠭᠡᠢ ᠬᠠᠷᠢᠨ ᠬᠣᠲᠠ ᠲᠤᠳᠤᠷ᠎ᠠ ᠦᠪᠡᠷ ᠤᠨ ᠵᠢᠡᠨ ᠭᠡᠷ ᠲᠦ ᠪᠠᠶᠢᠳᠠᠭ ᠃ ᠰᠠᠶᠢᠳ ᠤᠨ ᠭᠡᠷ ᠮᠠᠨ ᠥ ᠡᠯᠴᠢᠨ ᠰᠠᠶᠢᠳ ᠤᠨ ᠶᠠᠮᠣᠨ ᠡᠴᠡ 500 ᠬᠠᠨ ᠮᠧᠲ᠋ᠷ ᠲᠦ ᠪᠠᠶᠢᠷᠢᠯᠠᠳᠠᠭ ᠃
– ᠶᠠᠫᠣᠨᠴᠤᠳ ᠡᠴᠡ ᠪᠢᠳᠡ ᠶᠠᠭᠣ ᠵᠢ ᠰᠤᠷᠤᠯᠴᠠᠭᠠᠰᠠᠢ ᠭᠡᠵᠦ ᠪᠣᠳᠣᠳᠠᠭ ᠪᠤᠢ ︖
– ᠲᠡᠳᠡᠨ ᠥ ᠬᠦᠳᠡᠯᠮᠦᠷᠢᠴᠢ ᠂ ᠬᠦᠮᠦᠯᠢᠭ ᠵᠠᠩ ᠴᠢᠨᠠᠷ ᠂ ᠬᠦᠮᠦᠨ ᠢ ᠬᠦᠮᠦᠨ ᠶᠤᠰᠤ ᠪᠡᠷ ᠦᠵᠡᠳᠡᠭ ᠪᠠᠶᠢᠳᠠᠯ ᠂ ᠬᠦᠮᠦᠨ ᠲᠠᠢ ᠬᠠᠷᠢᠯᠴᠠᠬᠣ ᠰᠣᠶᠣᠯ ᠠᠭᠣᠣ ᠃ ᠶᠡᠬᠡ ᠶᠤᠰᠤ ᠵᠦᠢᠲᠠᠢ ᠨᠡᠶᠢᠭᠡᠮ ᠃ ᠮᠣᠩᠭᠣᠯ ᠤᠨ ᠨᠡᠶᠢᠭᠡᠮ ᠳ᠋ᠦ ᠡᠨᠡ ᠪᠦᠬᠦᠨ ᠠᠯᠢ ᠠᠯᠢ ᠨᠢ ᠳᠤᠲᠠᠭᠳᠠᠯ ᠲᠠᠢ ᠂ ᠲᠦᠪᠰᠢᠨ ᠠᠬᠢᠭᠤᠯᠤᠮᠠᠷ ᠰᠠᠨᠠᠭᠳᠠᠳᠠᠭ ᠃ ᠦᠨᠡᠨ ᠢ ᠬᠡᠯᠡᠬᠦ ᠳ᠋ᠦ ᠨᠡᠶᠢᠭᠡᠮ ᠤᠨ ᠰᠡᠳᠬᠢᠯᠭᠡ ᠬᠤᠴᠤᠷᠤᠩᠭᠤᠢ ᠪᠠᠶᠢᠨ᠎ᠠ ᠃ ᠡᠨᠡ ᠨᠢ ᠨᠡᠶᠢᠭᠡᠮ ᠤᠨ ᠪᠦᠬᠦᠢ ᠯᠠ ᠬᠦᠷᠢᠶᠡᠨ ᠳᠦ ᠰᠡᠳᠬᠢᠯᠭᠡᠨ ᠥ ᠬᠣᠴᠣᠷᠣᠭᠳᠠᠯ ᠪᠠᠶᠢᠭ᠎ᠠ ᠲᠠᠢ ᠬᠣᠯᠪᠤᠭ᠎ᠠ ᠲᠠᠢ ᠃ ᠪᠢᠳᠡ ᠦᠪᠡᠷᠰᠡᠳ ᠤᠨ ᠵᠢᠡᠨ ᠲᠦᠯᠦᠭᠡ ᠦᠪᠡᠷᠰᠡᠳ ᠤᠨ ᠭᠡᠰᠡᠨ ᠲᠣᠯᠣᠭᠠᠢ ᠲᠠᠢ ᠪᠠᠶᠢᠬᠤ ᠬᠡᠷᠡᠭᠲᠡᠢ ᠃ ᠴᠣ᠋ ᠰᠢᠨ᠎ᠡ ᠲᠧᠭᠨᠢᠭ ᠲᠧᠭᠨᠦᠯᠦᠭᠢ ᠨᠡᠪᠲᠡᠷᠡᠭᠦᠯᠬᠦ ᠪᠤᠯ ᠬᠦᠭᠵᠢᠯ ᠪᠢᠰᠢ ᠃ ᠰᠡᠳᠭᠢᠯᠭᠡᠨ ᠳ᠋ᠡᠭᠡᠨ ᠦᠭᠡᠷᠡᠴᠢᠯᠡᠯᠲᠡ ᠬᠢᠵᠦ ᠭᠡᠮᠡᠨ ᠬᠦᠮᠦᠨ ᠲᠦᠷᠦᠯᠬᠢᠲᠡᠨ ᠥ ᠬᠦᠭᠵᠢᠯ ᠲᠡᠢ ᠬᠦᠯ ᠨᠡᠶᠢᠯᠡᠭᠦᠯᠦᠨ᠎ᠡ ᠃ ᠡᠨᠡ ᠮᠡᠳᠦ ᠶᠠᠪᠣᠭᠰᠠᠭᠠᠷ ᠪᠠᠶᠢᠪᠠᠯ ᠪᠢᠳᠡ ᠵᠤᠪᠠᠯᠠᠩ ᠡᠴᠡ ᠪᠡᠨ ᠠᠩᠭᠢᠵᠢᠷᠠᠵᠤ ᠴᠢᠳᠠᠬᠤ ᠦᠭᠡᠢ ᠃
– ᠰᠡᠳᠬᠢᠯᠭᠡᠨ ᠥ ᠬᠣᠴᠣᠷᠣᠭᠳᠠᠯ ᠶᠠᠭᠣᠨ ᠡᠴᠡ ᠣᠯᠪᠠᠭᠠᠲᠠᠢ ᠶᠤᠮ ᠪᠤᠢ ︖
– ᠪᠢᠳᠡ ᠨᠡᠭᠦᠳᠡᠯᠴᠢᠨ ᠥ ᠪᠡᠨ ᠰᠡᠳᠬᠢᠯᠭᠡᠨ ᠡᠴᠡ ᠭᠠᠷᠤᠭ᠎ᠠ ᠦᠭᠡᠢ ᠲᠠᠢ ᠬᠣᠯᠪᠤᠭ᠎ᠠ ᠲᠠᠢ ᠃ ᠨᠡᠶᠢᠭᠡᠮᠰᠢᠵᠦ ᠂ ᠰᠠᠭᠣᠷᠢᠨ ᠰᠣᠶᠣᠯ ᠳ᠋ᠦ ᠳᠠᠰᠴᠤ ᠴᠢᠳᠠᠭ᠎ᠠ ᠦᠭᠡᠢ ᠃ ᠪᠢᠳᠡᠨ ᠳ᠋ᠦ ᠦᠵᠡᠯ ᠰᠣᠷᠲᠠᠯ ᠂ ᠶᠣᠰᠣ ᠵᠦᠢ ᠂ ᠳᠦᠷᠢᠮ ᠵᠢᠷᠤᠮ ᠬᠡᠷᠡᠭᠲᠡᠢ ᠃ ᠡᠪ ᠵᠦᠢ ᠵᠢ ᠰᠠᠬᠢᠬᠤ ᠂ ᠬᠠᠮᠲᠤ ᠪᠠᠷ ᠪᠦᠬᠦᠨ ᠢ ᠬᠢᠬᠦ ᠰᠡᠳᠬᠢᠯᠭᠡ ᠪᠢᠳᠡᠨ ᠥ ᠣᠯᠠᠮᠵᠢᠯᠠᠯ ᠳ᠋ᠦ ᠪᠠᠶᠢᠬᠤ ᠦᠭᠡᠢ ᠃ ᠣᠳᠤ ᠪᠦᠷᠢᠳᠬᠦ ᠭᠡᠳ ᠯᠠ ᠶᠠᠳᠠᠵᠦ ᠪᠠᠶᠢᠨ᠎ᠠ ᠃ ᠪᠢᠳᠡ ᠬᠦᠭᠵᠢᠯ ᠂ ᠬᠣᠴᠣᠷᠣᠭᠳᠠᠯ ᠬᠤᠶᠠᠷ ᠤᠨ ᠶᠠᠭ ᠵᠠᠭᠠᠭ ᠲᠡᠭᠡᠷ᠎ᠡ ᠪᠠᠶᠢᠨ᠎ᠠ ᠃
– ᠬᠡᠵᠢᠶ᠎ᠡ ᠳᠠᠷᠠᠭ᠎ᠠ ᠶᠢᠨ ᠶᠢᠡᠨ ᠲᠦᠪᠰᠢᠨ ᠳ᠋ᠦ ᠣᠴᠢᠬᠤ ᠪᠤᠯ ︖
– ᠮᠣᠩᠭᠣᠯᠴᠣᠳ ᠤᠨ ᠲᠤᠳᠤᠷ᠎ᠠ ᠲᠣᠮᠣ ᠵᠠᠳᠠᠷᠠᠯ ᠶᠠᠪᠣᠭᠳᠠᠵᠤ ᠪᠠᠶᠢᠨ᠎ᠠ ᠃ ᠬᠣᠲᠠ ᠬᠦᠳᠡᠭᠡ ᠶᠢᠨ ᠬᠢᠨ ᠂ ᠭᠠᠳᠠᠭᠠᠳᠦ ᠳ᠋ᠦ ᠪᠤᠯᠪᠠᠰᠤᠷᠠᠯ ᠡᠵᠡᠮᠰᠢᠭᠰᠡᠨ ᠡᠵᠡᠮᠰᠢᠭᠡ ᠦᠭᠡᠢ ᠭᠡᠳ ᠲᠤᠲᠤᠷ᠎ᠠ ᠪᠠᠨ ᠮᠠᠰᠢ ᠣᠯᠠᠨ ᠮᠣᠩᠭᠣᠯ ᠳᠦ ᠬᠣᠪᠢᠶᠠᠭᠳᠠᠵᠠᠢ ᠃ ᠦᠨᠡᠨ ᠢ ᠬᠡᠯᠡᠬᠦ ᠳ᠋ᠦ ᠮᠣᠩᠭᠣᠯ ᠬᠦᠮᠦᠨ ᠪᠤᠯ ᠡᠨᠡ ᠭᠡᠵᠦ ᠲᠦᠯᠦᠪᠰᠢᠭᠰᠡᠨ ᠳᠦᠷᠢ ᠦᠨᠦᠳᠦᠷ ᠠᠯᠠᠭ᠎ᠠ ᠃ ᠲᠡᠷᠡ ᠨᠢ ᠦᠨᠦᠬᠢ ᠬᠤᠴᠤᠷᠤᠭᠳᠠᠯ ᠡᠴᠠ ᠭᠠᠷᠬᠤ ᠵᠠᠳᠠᠷᠠᠯ ᠳ᠋ᠦ ᠣᠷᠤᠭᠰᠠᠨ ᠥ ᠢᠯᠡᠷᠡᠯ ᠶᠤᠮ ᠃
– ᠵᠠᠳᠠᠷᠠᠯ ᠶᠠᠪᠣᠭᠳᠠᠵᠤ ᠪᠠᠶᠢᠭ᠎ᠠ ᠨᠢ ᠰᠠᠶᠢᠨ ᠵᠦᠢᠯ ᠤᠣ ︖
– ᠮᠡᠳᠡᠭᠡᠵᠢ ᠰᠠᠶᠢᠨ ᠵᠦᠢᠯ ᠃ ᠰᠠᠶᠢᠨ ᠵᠠᠳᠠᠷᠠᠵᠣ ᠪᠠᠶᠢᠵᠤ ᠪᠢᠳᠡ ᠡᠷᠭᠢᠵᠦ ᠨᠢᠭᠡᠲᠦᠨᠡ ᠂ ᠲᠦᠯᠦᠪᠰᠢᠨᠡ ᠃ ᠲᠦᠯᠦᠪᠰᠢᠵᠦ ᠪᠠᠶᠢᠵᠤ ᠮᠣᠩᠭᠣᠯ ᠤᠨ ᠭᠡᠬᠦ ᠲᠦᠯᠦᠪᠰᠢᠯ ᠂ ᠬᠡᠪ ᠰᠢᠨᠵᠢ ᠪᠤᠢ ᠪᠤᠯᠤᠨ᠎ᠠ ᠰᠢᠣ ᠳᠧ ᠃
– ᠭᠠᠳᠠᠨ᠎ᠠ ᠶᠢᠨ ᠬᠢᠨ ᠳ᠋ᠦ ᠪᠢᠳᠡ ᠬᠡᠨ ᠪᠤᠢ ︖
– ᠰᠠᠬᠢᠯᠭ᠎ᠠ ᠮᠠᠭᠣᠲᠠᠢ ᠂ ᠵᠤᠬᠢᠶᠠᠨ ᠪᠠᠶᠢᠭᠤᠯᠤᠯᠲᠠ ᠪᠠᠶᠢᠬᠤ ᠦᠭᠡᠢ ᠂ ᠬᠠᠣᠯᠢ ᠶᠢᠨ ᠣᠷᠴᠢᠨ ᠶᠢᠡᠨ ᠰᠠᠶᠢᠨ ᠪᠤᠢ ᠪᠤᠯᠭᠠᠵᠤ ᠴᠢᠳᠠᠭ᠎ᠠ ᠦᠭᠡᠢ ᠂ ᠣᠯᠤᠰ ᠲᠦᠷᠦ ᠵᠢᠨ ᠲᠤᠭᠲᠠᠪᠣᠷᠢ ᠦᠭᠡᠢ ᠪᠠᠶᠢᠳᠠᠯ ᠨᠢ ᠡᠳ᠋ ᠤᠨ ᠵᠠᠰᠠᠭ ᠲᠠᠭᠠᠨ ᠨᠦᠯᠦᠭᠡᠯᠡᠭᠰᠡᠨ ᠂ ᠬᠠᠮᠲᠣᠷᠠᠨ ᠠᠵᠢᠯᠯᠠᠬᠣ ᠠᠵᠢᠯ ᠬᠡᠷᠡᠭᠴᠢ ᠪᠠᠶᠢᠳᠠᠯ ᠲᠦᠯᠦᠪᠰᠢᠭᠡ ᠦᠭᠡᠢ ᠂ ᠵᠠᠮᠪᠠᠷᠠᠭ᠎ᠠ ᠦᠭᠡᠢ ᠂ ᠰᠠᠬᠢᠯᠭ᠎ᠠ ᠦᠭᠡᠢ ᠨᠦᠬᠦᠳ ᠭᠡᠰᠡᠨ ᠰᠠᠭᠤᠭᠳᠠᠯ ᠢ ᠪᠢᠳᠡ ᠭᠠᠳᠠᠨ᠎ᠠ ᠶᠢᠨ ᠬᠢᠨ ᠳ᠋ᠦ ᠦᠭᠭᠦᠭᠡᠳ ᠪᠠᠶᠢᠨ᠎ᠠ ᠃ ᠡᠨᠡ ᠪᠤᠯ ᠪᠢᠳᠡᠨ ᠥ ᠯᠠ ᠪᠠᠶᠢᠭ᠎ᠠ ᠴᠢᠷᠠᠢ ᠃ ᠰᠡᠭᠦᠳᠡᠷ ᠶᠡᠬᠡ ᠪᠤᠢ ᠃ ᠭᠡᠬᠦ ᠳ᠋ᠡᠭᠡᠨ ᠮᠣᠩᠭᠣᠯ ᠴᠦ ᠂ ᠶᠠᠫᠣᠨ ᠴᠦ ᠲᠡᠷᠡ ᠠᠯᠢ ᠠᠯᠢᠨ ᠳ᠋ᠦ ᠨᠢ ᠭᠡᠷᠡᠯ ᠲᠠᠢ ᠪᠠᠰᠠ ᠰᠡᠭᠦᠳᠡᠷ ᠲᠠᠢ ᠲᠠᠯ᠎ᠠ ᠪᠠᠶᠢᠭ᠎ᠠ ᠃
Нэргүй 2024-02-27 96.73.137.169
ᠮᠤᠩᠭᠤᠯ ᠪᠢᠴᠢᠭ ᠵᠢᠡᠷ ᠪᠢᠴᠢᠭᠰᠡᠨ ᠮᠠᠰᠢ ᠰᠤᠨᠢᠷᠬᠠᠯ ᠲᠠᠢ ᠨᠠᠶᠢᠳᠡᠯᠡᠯ ᠪᠠᠶᠢᠨ᠎ᠠ ᠃
《ᠳᠡᠯᠡᠬᠠᠢ ᠳ᠋ᠠᠬᠢᠨ ᠳ᠋ᠦ ᠡᠵᠡᠨ ᠬᠠᠭᠠᠨ ᠮᠠᠰᠢ ᠴᠦᠬᠠᠨ》ᠭᠡᠳᠡᠭ ᠲᠥ ᠬᠠ ᠪᠤᠯᠤᠨ ᠬᠡ ᠵᠢ ᠢᠯᠠᠭᠠᠵᠥ ᠪᠢᠴᠢᠭᠰᠡᠨ ᠦᠭᠡᠢ ᠪᠤᠯᠤᠯᠳᠠᠢ᠃ (ᠡᠰᠡᠪᠡᠯ ᠨᠠᠳᠠᠳᠤ ᠢᠨᠭᠬᠢᠵᠥ ᠪᠤᠷᠤᠭᠤ ᠬᠠᠷᠠᠭᠳᠠᠵᠥ ᠪᠠᠢᠬᠤ ᠮᠠᠭᠠᠳ ) ᠳᠡᠯᠡᠭᠡᠢ ᠳ᠋ᠠᠬᠢᠨ ᠳ᠋ᠦ ᠡᠵᠡᠨ ᠬᠠᠭᠠᠨ ᠮᠠᠰᠢ ᠴᠦᠬᠡᠨ ᠭᠡᠵᠥ ᠵᠠᠰᠠᠭᠠᠳ ᠪᠢᠴᠢᠪᠡᠯ ᠵᠦᠭᠡᠷ ᠶᠤᠮ᠃
ᠮᠤᠩᠭᠤᠯ ᠪᠢᠴᠢᠭ ᠵᠢᠡᠷ ᠦᠭᠡᠷ ᠠ ᠤᠯᠠᠨ ᠨᠡᠢᠳᠡᠯᠡᠯ ᠤᠩᠰᠢ ᠠ᠃
ᠲᠠᠯᠷᠬᠠᠯ ᠠ᠃
Нэргүй 2024-02-27 96.73.137.169
ᠮᠤᠩᠭᠤᠯ ᠪᠢᠴᠢᠭ ᠵᠢᠡᠷ ᠪᠢᠴᠢᠭᠰᠡᠨ ᠮᠠᠰᠢ ᠰᠤᠨᠢᠷᠬᠠᠯ ᠲᠠᠢ ᠨᠠᠶᠢᠳᠡᠯᠡᠯ ᠪᠠᠶᠢᠨ᠎ᠠ ᠃
ᠮᠤᠩᠭᠤᠯ ᠪᠢᠴᠢᠭ ᠵᠢᠡᠷ ᠦᠭᠡᠷ ᠠ ᠤᠯᠠᠨ ᠨᠡᠢᠳᠡᠯᠡᠯ ᠤᠩᠰᠢᠶ ᠠ᠃
ᠲᠠᠯᠷᠬᠠᠯ ᠠ᠃