ᠦᠽᠪᠧᠺᠰᠲ᠋ᠠᠨ ᠤᠯᠤᠰ ᠲᠤ ᠪᠣᠯᠤᠭᠰᠠᠨ ᠵᠡᠷᠯᠢᠭ ᠠᠮᠢᠲᠠᠳ ᠤᠨ ᠨᠡᠭᠦᠳᠡᠯ ᠦᠨ ᠵᠦᠢᠯ ᠦᠳ ᠢ ᠬᠠᠮᠠᠭᠠᠯᠠᠬᠤ ᠲᠤᠬᠠᠢ ᠺᠣᠨᠸᠧᠨᠼ ᠤᠨ ᠲᠠᠯ᠎ᠠ ᠨᠤᠭᠤᠳ ᠤᠨ ᠠᠷᠪᠠᠨ ᠳᠦᠷᠪᠡᠳᠦᠭᠡᠷ ᠪᠠᠭ᠎ᠠ ᠬᠤᠷᠠᠯ︵CMS COP14︶ ᠦᠨ ᠦᠶ᠎ᠡ ᠪᠡᠷ ᠮᠠᠨ ᠤ ᠤᠯᠤᠰ ᠤᠨ ᠪᠠᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ ᠠᠽᠢᠶ᠎ᠠ ᠶᠢᠨ ᠬᠣᠨᠢᠨ ᠲᠣᠭᠣᠳᠠᠭ ᠬᠠᠮᠠᠭᠠᠯᠠᠬᠤ ᠦᠢᠯᠡ ᠠᠵᠢᠯᠯᠠᠭᠠᠨ ᠤ ᠲᠥᠯᠥᠪᠯᠡᠭᠡ ᠶᠢ ᠲᠠᠨᠢᠯᠴᠠᠭᠤᠯᠤᠭᠰᠠᠨ ᠶᠤᠮ᠃ ᠬᠤᠷᠠᠯ ᠳᠤ ᠣᠷᠣᠯᠴᠠᠭᠴᠢ ᠲᠠᠯ᠎ᠠ ᠨᠤᠭᠤᠳ ᠤᠭ ᠲᠥᠯᠥᠪᠯᠡᠭᠡ ᠶᠢ ᠬᠡᠯᠡᠯᠴᠡᠨ᠂ ᠪᠠᠲᠤᠯᠠᠬᠤ ᠪᠠᠷ ᠰᠢᠢᠳᠪᠦᠷᠢᠯᠡᠭᠰᠡᠨ ᠶᠤᠮ᠃
ᠮᠣᠩᠭᠣᠯ ᠤᠯᠤᠰ ᠡᠨᠡ ᠵᠦᠢᠯ ᠦᠨ ᠬᠠᠮᠠᠭᠠᠯᠠᠯ ᠳᠤ ᠪᠠᠶᠢᠩᠭᠤ ᠲᠡᠷᠢᠭᠦᠯᠡᠬᠦ ᠡᠭᠦᠷᠭᠡ ᠲᠡᠢ ᠣᠷᠣᠯᠴᠠᠵᠤ ᠢᠷᠡᠭᠰᠡᠨ ᠪᠥᠭᠡᠳ 2011 ᠣᠨ ᠳᠤ ᠡᠺᠸᠠᠳᠣᠷ ᠤᠯᠤᠰ ᠲᠤ ᠪᠣᠯᠤᠭᠰᠠᠨ ᠺᠣᠨᠸᠧᠨᠼ ᠤᠨ ᠲᠠᠯ᠎ᠠ ᠨᠤᠭᠤᠳ ᠤᠨ ᠠᠷᠪᠠᠨ ᠨᠢᠭᠡᠳᠦᠭᠡᠷ ᠪᠠᠭ᠎ᠠ ᠬᠤᠷᠠᠯ ᠤᠨ ᠦᠶ᠎ᠡ ᠪᠡᠷ ᠬᠣᠨᠢᠨ ᠲᠣᠭᠣᠳᠠᠭ ᠢ ᠬᠠᠪᠰᠤᠷᠤᠯᠲᠠ I ᠳᠦ ᠤᠷᠤᠭᠤᠯᠬᠤ ᠠᠵᠢᠯ ᠢ ᠬᠢᠭᠰᠡᠨ᠃ ᠮᠥᠨ ᠤᠯᠠᠮ ᠢᠶᠠᠷ ᠺᠣᠨᠸᠧᠨᠼ ᠤᠨ ᠳᠡᠮᠵᠢᠯᠭᠡ ᠪᠡᠷ ᠠᠽᠢᠶ᠎ᠠ ᠶᠢᠨ ᠤᠯᠤᠰ ᠤᠳ ᠲᠠᠢ ᠬᠠᠮᠲᠤᠷᠠᠨ ᠬᠠᠮᠠᠭᠠᠯᠠᠯ ᠤᠨ ᠦᠢᠯᠡ ᠠᠵᠢᠯᠯᠠᠭ᠎ᠠ ᠶᠢ ᠬᠢᠬᠦ᠂ ᠤᠭ ᠵᠦᠢᠯ ᠦᠨ ᠬᠣᠪᠣᠷᠳᠠᠯ ᠤᠨ ᠲᠤᠬᠠᠢ ᠲᠠᠨᠢᠭᠤᠯᠬᠤ ᠮᠡᠳᠡᠭᠡᠯᠡᠯ ᠢ ᠬᠢᠵᠦ ᠢᠷᠡᠵᠡᠢ᠃
ᠪᠠᠭ᠎ᠠ ᠬᠤᠷᠠᠯ ᠳᠡᠭᠡᠷ᠎ᠡ ᠵᠡᠷᠯᠢᠭ ᠠᠮᠢᠲᠠᠨ ᠰᠤᠳᠤᠯᠬᠤ ᠬᠠᠮᠠᠭᠠᠯᠠᠬᠤ ᠲᠥᠪ ᠦᠨ ᠵᠠᠬᠢᠷᠤᠯ ᠳ᠋ᠣᠺᠲ᠋ᠣᠷ ᠪ∙ᠨᠢᠮᠠᠪᠠᠶᠠᠷ《ᠠᠽᠢᠶ᠎ᠠ ᠶᠢᠨ ᠬᠣᠨᠢᠨ ᠲᠣᠭᠣᠳᠠᠭ ᠬᠠᠮᠠᠭᠠᠯᠠᠬᠤ ᠦᠢᠯᠡ ᠠᠵᠢᠯᠯᠠᠭᠠᠨ ᠤ ᠲᠥᠯᠥᠪᠯᠡᠭᠡ》 ᠶᠢᠨ ᠲᠠᠯ᠎ᠠ ᠪᠠᠷ ᠪᠣᠯᠤᠨ ᠪᠥᠰᠡ ᠨᠤᠲᠤᠭ ᠤᠨ ᠬᠦᠷᠢᠶᠡᠨ ᠳᠦ ᠰᠡᠭᠦᠯ ᠦᠨ ᠦᠶ᠎ᠡ ᠳᠦ ᠬᠢᠵᠦ ᠪᠤᠢ ᠲᠣᠭᠣᠳᠠᠭ ᠰᠤᠳᠤᠯᠤᠯ ᠪᠠ ᠬᠠᠮᠠᠭᠠᠯᠠᠯ ᠤᠨ ᠲᠠᠯ᠎ᠠ ᠪᠠᠷ ᠲᠣᠪᠴᠢ ᠢᠯᠡᠳᠬᠡᠯ ᠲᠠᠯᠪᠢᠪᠠ᠃