ᠮᠤᠩᠭᠤᠯ ᠤᠯᠤᠰ ᠤᠨ ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ- ᠭᠠᠵᠠᠷ ᠵᠣᠬᠢᠶᠠᠨ ᠪᠠᠶᠢᠭᠤᠯᠤᠯᠲᠠ ᠭᠧᠣᠳᠧᠽᠢ ᠵᠢᠷᠤᠭ ᠵᠦᠢ ᠶᠢᠨ ᠭᠠᠵᠠᠷ ᠮᠣᠩᠭᠣᠯ ᠣᠷᠣᠨ ᠤ ᠪᠡᠯᠴᠢᠭᠡᠷ ᠦᠨ ᠹᠤᠲ᠋ᠤ᠋ ᠮᠣᠨᠢᠲ᠋ᠣᠷᠢᠩ︵ᠠᠭᠠᠷ ᠠᠴᠠ ᠵᠢᠷᠤᠭᠯᠠᠵᠤ ᠬᠡᠮᠵᠢᠬᠦ︶ ᠦᠨ ᠦᠨᠡᠯᠡᠭᠡ ᠶᠢ ᠤᠯᠤᠰ ᠤᠨ ᠬᠡᠮᠵᠢᠶᠡᠨ ᠳᠦ ᠨᠠᠢ᠌ᠮᠠᠳᠠᠬᠢ ᠵᠢᠯ ᠳᠦ ᠪᠡᠨ ᠬᠢᠵᠦ ᠭᠦᠢᠴᠡᠳᠭᠡᠵᠡᠢ᠃ ᠲᠡᠳᠡ 21 ᠠᠶᠢᠮᠠᠭ︵ᠮᠠᠨ ᠤ ᠬᠢ ᠪᠡᠷ ᠪᠤᠯ ᠮᠤᠵᠢ ᠲᠠᠢ ᠲᠡᠩᠴᠡᠨ᠎ᠡ︶ ᠤᠨ 319 ᠰᠤᠮᠤ︵ᠮᠠᠨ ᠤ ᠬᠢ ᠪᠡᠷ ᠪᠤᠯ ᠬᠤᠰᠢᠭᠤ ᠲᠠᠢ ᠲᠡᠩᠴᠡᠨ᠎ᠡ︶᠂ ᠨᠡᠶᠢᠰᠯᠡᠯ ᠦᠨ ᠵᠢᠷᠭᠤᠭᠠᠨ ᠳᠡᠭᠦᠷᠭᠡ ᠶᠢᠨ 108.8 ᠰᠠᠶ᠎ᠠ︵ᠨᠢᠭᠡ ᠰᠠᠶ᠎ᠠ ᠨᠢ ᠵᠠᠭᠤᠨ ᠲᠦᠮᠡ ᠲᠠᠢ ᠲᠡᠩᠴᠡᠨ᠎ᠡ︶ ᠭᠠ︵ᠨᠢᠭᠡ ᠭᠠ15 ᠮᠤ᠋ ᠲᠠᠢ ᠲᠡᠩᠴᠡᠨ᠎ᠡ︶ᠪᠡᠯᠴᠢᠭᠡᠷ ᠦᠨ ᠭᠠᠵᠠᠷ ᠢ ᠲᠥᠯᠥᠭᠡᠯᠡᠬᠦ 5158 ᠮᠣᠨᠢᠲ᠋ᠣᠷᠢᠩ ᠦᠨ ᠴᠡᠭ ᠲᠦ ᠬᠡᠭᠡᠷ᠎ᠡ ᠶᠢᠨ ᠰᠤᠳᠤᠯᠭ᠎ᠠ ᠬᠢᠭᠰᠡᠨ ᠪᠠᠶᠢᠨ᠎ᠠ᠃
ᠡᠭᠦᠨ ᠦ ᠦᠷ᠎ᠡ ᠳ᠋ᠦᠩ ᠳᠦ᠂ ᠪᠡᠯᠴᠢᠭᠡᠷ ᠦᠨ 11 ᠬᠤᠪᠢ ᠨᠢ ᠪᠠᠢᠭᠠᠯᠢ ᠶᠢᠨ ᠤᠨᠠᠭᠠᠨ ᠲᠥᠷᠬᠦ ᠪᠡᠨ ᠠᠯᠳᠠᠭ᠎ᠠ ᠦᠭᠡᠢ᠂ 45.7 ᠬᠤᠪᠢ ᠨᠢ ᠪᠠᠭ᠎ᠠ ᠵᠡᠷᠭᠡ ᠥᠭᠡᠷᠡᠴᠢᠯᠡᠭᠳᠡᠭᠰᠡᠨ᠂ 19.6 ᠬᠤᠪᠢ ᠨᠢ ᠳᠤᠮᠳᠠ ᠵᠡᠷᠭᠡ ᠥᠭᠡᠷᠡᠴᠢᠯᠡᠭᠳᠡᠭᠰᠡᠨ᠂ 17 ᠬᠤᠪᠢ ᠨᠢ ᠬᠦᠴᠦᠲᠡᠢ ᠥᠭᠡᠷᠡᠴᠢᠯᠡᠭᠳᠡᠭᠰᠡᠨ᠂ 6.6 ᠬᠤᠪᠢ ᠨᠢ ᠮᠠᠰᠢ ᠬᠦᠴᠦᠲᠡᠢ ᠥᠭᠡᠷᠡᠴᠢᠯᠡᠭᠳᠡᠭᠰᠡᠨ ᠢ ᠲᠤᠭᠲᠠᠭᠠᠵᠠᠢ᠃ ᠡᠶᠢᠮᠦ ᠳᠦ ᠪᠡᠯᠴᠢᠭᠡᠷ ᠢ ᠬᠠᠮᠠᠭᠠᠯᠠᠬᠤ᠂ ᠨᠥᠬᠥᠨ ᠰᠡᠷᠭᠦᠭᠡᠬᠦ ᠳᠦ ᠬᠠᠮᠲᠤᠷᠠᠵᠤ ᠠᠵᠢᠯᠯᠠᠬᠤ ᠠᠯᠪᠠᠨ ᠪᠢᠴᠢᠭ ᠢ ᠠᠶᠢᠮᠠᠭ᠂ ᠳᠡᠭᠦᠷᠭᠡ ᠶᠢᠨ ᠵᠠᠰᠠᠭ ᠳᠠᠷᠤᠭ᠎ᠠ ᠨᠠᠷ ᠲᠤ ᠢᠯᠡᠭᠡᠵᠡᠢ᠃
ᠬᠢᠮᠳᠠ ᠲᠥᠰᠦᠷ᠂ ᠬᠢᠯᠪᠠᠷ ᠬᠤᠷᠳᠤᠨ᠂ ᠲᠣᠮᠣ ᠲᠠᠯᠠᠪᠠᠢ ᠶᠢ ᠬᠠᠮᠤᠷᠳᠠᠭ ᠹᠤᠲ᠋ᠤ᠋ ᠮᠣᠨᠢᠲ᠋ᠣᠷᠢᠩ ᠦᠨ ᠠᠷᠭ᠎ᠠ ᠪᠠᠷ ᠪᠡᠯᠴᠢᠭᠡᠷ ᠠᠰᠢᠭᠯᠠᠯᠲᠠ ᠶᠢ ᠦᠨᠡᠯᠡᠵᠦ᠂ ᠶᠠᠮᠠᠷ ᠥᠭᠡᠷᠡᠴᠢᠯᠡᠯᠲᠡ ᠭᠠᠷᠤᠭᠰᠠᠨ ᠢ ᠢᠯᠡᠷᠡᠭᠦᠯᠦᠭᠰᠡᠨ ᠢᠶᠡᠷ ᠪᠡᠯᠴᠢᠭᠡᠷ ᠦᠨ ᠳᠠᠭᠠᠭᠠᠴᠠ ᠶᠢ ᠲᠣᠬᠢᠷᠠᠭᠤᠯᠬᠤ᠂ ᠭᠠᠵᠠᠷ ᠤᠨ ᠳᠣᠷᠣᠶᠢᠲᠠᠯ ᠠᠴᠠ ᠤᠷᠢᠳᠴᠢᠯᠠᠨ ᠰᠡᠷᠭᠡᠶᠢᠯᠡᠬᠦ᠂ ᠭᠠᠵᠠᠷ ᠵᠣᠬᠢᠶᠠᠨ ᠪᠠᠶᠢᠭᠤᠯᠤᠯᠲᠠ ᠶᠢ ᠲᠥᠯᠦᠪᠯᠡᠬᠦ᠂ ᠨᠥᠬᠦᠨ ᠰᠡᠷᠭᠦᠭᠡᠬᠦ ᠳᠦ ᠱᠠᠭᠠᠷᠳᠠᠯᠭ᠎ᠠ ᠲᠠᠢ ᠰᠠᠭᠤᠷᠢ ᠮᠡᠳᠡᠭᠡᠯᠡᠯ ᠢ ᠪᠦᠷᠢᠳᠦᠭᠦᠯᠬᠦ ᠠᠴᠢ ᠬᠣᠯᠪᠣᠭᠳᠠᠯ ᠲᠠᠢ ᠶᠤᠮ᠃