ᠮᠣᠩᠭᠣᠯ ᠵᠠᠯᠠᠭᠤᠰ ᠤᠨ ᠮᠡᠷᠭᠡᠵᠢᠯ ᠰᠤᠷᠭᠠᠯᠲᠠ᠂ ᠦᠢᠯᠡᠳᠪᠦᠷᠢᠯᠡᠯ ᠦᠨ ᠤᠷ᠎ᠠ ᠴᠢᠳᠠᠪᠤᠷᠢ ᠶᠢ ᠣᠯᠠᠨ ᠤᠯᠤᠰ ᠤᠨ ᠲᠦᠪᠰᠢᠨ ᠳᠦ ᠬᠦᠷᠭᠡᠬᠦ᠂ ᠴᠢᠨᠠᠷ ᠢ ᠳᠡᠭᠡᠭᠰᠢᠯᠡᠭᠦᠯᠬᠦ᠂ ᠮᠡᠷᠭᠡᠵᠢᠯᠲᠡᠨ ᠦ ᠦᠨᠡᠯᠡᠮᠵᠢ ᠶᠢ ᠥᠰᠬᠡᠬᠦ ᠵᠣᠷᠢᠯᠭ᠎ᠠ ᠲᠠᠢ《ᠮᠣᠩᠭᠣᠯ ᠤᠷ᠎ᠠ ᠴᠢᠳᠠᠪᠤᠷᠢ-2023》 ᠲᠡᠮᠡᠴᠡᠭᠡᠨ ᠦᠨᠳᠦᠰᠦᠨ ᠦ ᠢᠯᠠᠭᠴᠢᠳ ᠢᠶᠠᠨ ᠲᠣᠳᠣᠷᠠᠭᠤᠯᠤᠯ᠎ᠠ᠃ 2013 ᠣᠨ ᠠᠴᠠ ᠲᠣᠭᠲᠠᠮᠠᠯ ᠵᠣᠬᠢᠶᠠᠨ ᠪᠠᠶᠢᠭᠤᠯᠵᠤ ᠪᠤᠢ ᠡᠨᠡ ᠤᠳᠠᠭ᠎ᠠ ᠶᠢᠨ ᠲᠡᠮᠡᠴᠡᠭᠡᠨ ᠦ ᠡᠬᠢᠨ ᠦ ᠱᠠᠲᠤ ᠥᠩᠭᠡᠷᠡᠭᠴᠢ ᠲᠠᠪᠤᠳᠤᠭᠠᠷ ᠰᠠᠷ᠎ᠠ ᠳᠤ ᠪᠣᠯᠵᠤ 138 ᠰᠤᠷᠤᠯᠴᠠᠭᠴᠢ ᠥᠷᠢᠰᠦᠯᠳᠦᠭᠰᠡᠨ ᠶᠤᠮ᠃ ᠬᠣᠶᠠᠳᠤᠭᠠᠷ ᠱᠠᠲᠤ 10 ᠳ᠋ᠤᠭᠠᠷ ᠰᠠᠷ᠎ᠠ ᠳᠤ ᠪᠣᠯᠬᠤ ᠳᠤ 41 ᠣᠶᠤᠲᠠᠨ ᠰᠢᠯᠭᠠᠷᠠᠵᠤ᠂ ᠭᠤᠷᠪᠠᠳᠤᠭᠠᠷ ᠱᠠᠲᠤᠨ ᠳᠤ ᠥᠷᠢᠰᠥᠯᠳᠥᠬᠦ ᠡᠷᠬᠡ ᠪᠡᠨ ᠠᠪᠤᠭᠰᠠᠨ ᠪᠠᠶᠢᠨ᠎ᠠ᠃ ᠰᠡᠭᠦᠯ ᠦᠨ ᠱᠠᠲᠤᠨ ᠤ ᠲᠡᠮᠡᠴᠡᠭᠡᠨ ᠡᠨᠡ ᠰᠠᠷ᠎ᠠ ᠶᠢᠨ 13-15 ᠦ ᠡᠳᠦᠷ ᠦᠳ ᠲᠦ ᠪᠣᠯᠪᠠ᠃
ᠨᠠᠢ᠌ᠮᠠᠨ ᠲᠦᠷᠦᠯ ᠲᠡᠮᠡᠴᠡᠭᠡᠨ ᠦ ᠳ᠋ᠦᠩ ᠳᠦ ᠠ᠊∙ᠨᠢᠮᠠᠪᠠᠶᠠᠷ᠂ ᠪ∙ᠴᠢᠬᠤᠯᠠ᠂ ᠱ∙ᠦᠰᠬᠦᠪᠠᠶᠠᠷ᠂ ᠪ∙ᠬᠡᠰᠢᠭᠲᠦ᠂ ᠨ∙ᠪᠤᠳᠢ᠂ ᠼ∙ ᠲᠡᠮᠡᠦᠯᠦᠨ᠂ ᠱ∙ᠮᠥᠩᠭᠥᠨᠱᠠᠭᠠ᠂ ᠮ∙ᠵᠢᠷᠭᠠᠯᠴᠡᠴᠡᠭ ᠨᠠᠷ ᠰᠢᠯᠭᠠᠷᠠᠵᠠᠢ᠃ ᠰᠢᠯᠢᠳᠡᠭ ᠣᠷᠣᠯᠴᠠᠭᠴᠢᠳ ᠹᠷᠠᠨᠼᠢ ᠤᠯᠤᠰ ᠲᠤ 2024 ᠣᠨ ᠳᠤ ᠪᠣᠯᠬᠤ ᠳᠡᠯᠡᠬᠡᠢ ᠶᠢᠨ ᠤᠷ᠎ᠠ ᠴᠢᠳᠠᠪᠤᠷᠢ ᠶᠢᠨ ᠲᠡᠮᠡᠴᠡᠭᠡᠨ ᠳᠦ ᠮᠣᠩᠭᠣᠯ ᠤᠯᠤᠰ ᠢᠶᠠᠨ ᠲᠥᠯᠥᠭᠡᠯᠡᠨ ᠣᠷᠣᠯᠴᠠᠨ᠎ᠠ᠃