ᠬᠢᠲᠠᠳ ᠤᠨ ᠰᠣᠩᠭᠣᠳᠠᠭ ᠵᠣᠬᠢᠶᠠᠯ ᠤᠷᠠᠨ ᠤᠩᠰᠢᠯᠭ᠎ᠠ ᠶᠢᠨ ᠠᠷᠪᠠᠨ ᠬᠤᠶᠠᠳᠠᠬᠢ ᠤᠳᠠᠭ᠎ᠠ ᠶᠢᠨ ᠤᠷᠤᠯᠳᠤᠭᠠᠨ ᠡᠨᠡ ᠰᠠᠷ᠎ᠠ ᠶᠢᠨ 24 ᠦ ᠡᠳᠦᠷ ᠮᠣᠩᠭᠣᠯ ᠤᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠤᠭᠤᠳ ᠤᠨ ᠳᠤᠮᠳᠠ ᠠᠩᠬᠢ ᠶᠢᠨ ᠰᠤᠷᠤᠭᠴᠢᠳ ᠤᠨ ᠳᠤᠮᠳᠠ ᠪᠣᠯᠵᠤ ᠥᠨᠳᠥᠷᠯᠡᠯ᠎ᠡ᠃ ᠲᠤᠰ ᠤᠷᠤᠯᠳᠤᠭᠠᠨ ᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠤᠨ ᠶᠠᠮᠤᠨ ᠠᠴᠠ ᠰᠠᠨᠠᠭᠠᠴᠢᠯᠠᠵᠤ᠂ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠺᠥᠩᠽᠢ ᠶᠢᠨ ᠢᠨᠰᠲ᠋ᠢᠲ᠋ᠦᠲ ᠲᠡᠢ ᠬᠠᠮᠲᠤᠷᠠᠨ ᠵᠢᠯ ᠪᠦᠷᠢ ᠶᠢᠨ ᠠᠷᠪᠠᠨ ᠨᠢᠭᠡᠳᠦᠭᠡᠷ ᠰᠠᠷ᠎ᠠ ᠳᠤ ᠵᠣᠬᠢᠶᠠᠨ ᠪᠠᠶᠢᠭᠤᠯᠵᠤ ᠢᠷᠡᠵᠡᠢ᠃
ᠡᠨᠡ ᠤᠳᠠᠭ᠎ᠠ ᠶᠢᠨ ᠤᠷᠤᠯᠳᠤᠭᠠᠨ ᠤ ᠲᠡᠷᠢᠭᠦᠨ ᠪᠠᠶᠢᠷᠢᠨ ᠳᠤ《ᠬᠡᠰᠢᠭ》 ᠬᠢᠲᠠᠳ ᠬᠡᠯᠡᠨ ᠦ ᠪᠥᠷᠢᠨ ᠳᠤᠮᠳᠠ ᠰᠤᠷᠭᠠᠭᠤᠯᠢ ᠶᠢᠨ 12 ᠳ᠋ᠤᠭᠠᠷ ᠠᠩᠭᠢ ᠶᠢᠨ ᠰᠤᠷᠤᠭᠴᠢ ᠪ ∙ ᠪᠠᠲᠤᠵᠤᠷᠢᠭ《 ᠷᠧᠩ ᠠᠨ ᠳᠤ ᠪᠢᠴᠢᠭᠰᠡᠨ ᠵᠠᠬᠢᠳᠠᠯ》 ᠰᠢᠯᠦᠭ ᠢᠶᠡᠷ ᠰᠢᠯᠭᠠᠷᠠᠵᠠᠢ᠃ ᠮᠦᠨ ᠲᠤᠰ ᠰᠤᠷᠭᠠᠭᠤᠯᠢ ᠶᠢᠨ 11 ᠳ᠋ᠦ᠋ᠭᠡᠷ ᠠᠩᠭᠢ ᠶᠢᠨ ᠰᠤᠷᠤᠭᠴᠢ ᠡ᠊ ∙ᠡᠩᠬᠡᠮᠡᠨᠳᠦ᠂ 10 ᠳ᠋ᠤᠭᠠᠷ ᠠᠩᠭᠢ ᠶᠢᠨ ᠰᠤᠷᠤᠭᠴᠢ ᠰ ∙ ᠲᠡᠭᠦᠯᠳᠡᠷ ᠭᠤᠷᠪᠠᠳᠤᠭᠠᠷ ᠪᠠᠶᠢᠷᠢᠨ ᠳᠤ ᠰᠢᠯᠭᠠᠷᠠᠭᠰᠠᠨ ᠪᠠᠶᠢᠨ᠎ᠠ᠃