ᠡᠷᠦᠬᠡ ᠶᠢᠨ ᠨᠡᠶᠢᠭᠡᠮ ᠡᠳ᠋ ᠦᠨ ᠵᠠᠰᠠᠭ ᠤᠨ ᠰᠤᠳᠤᠯᠭᠠᠨ ᠤ 2023 ᠣᠨ ᠤ ᠭᠤᠷᠪᠠᠳᠤᠭᠠᠷ ᠤᠯᠠᠷᠢᠯ ᠤᠨ ᠳ᠋ᠦᠩ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ ᠲᠠᠨᠢᠯᠴᠠᠭᠤᠯᠤᠯ᠎ᠠ᠃ ᠡᠷᠦᠬᠡ ᠶᠢᠨ ᠰᠠᠷ᠎ᠠ ᠶᠢᠨ ᠳᠤᠮᠳᠠᠴᠢ ᠨᠡᠶᠢᠲᠡ ᠣᠷᠣᠯᠭ᠎ᠠ᠂ ᠣᠨ ᠤ ᠦᠨ᠎ᠡ ᠪᠡᠷ 2.2 ᠰᠠᠶ᠎ᠠ ᠲᠥᠭᠥᠷᠢᠭ ᠪᠣᠯᠵᠤ᠂ ᠡᠮᠦᠨᠡᠬᠢ ᠲᠥᠭᠥᠷᠢᠭ ᠪᠣᠯᠵᠤ᠂ ᠡᠮᠦᠨᠡᠬᠢ ᠣᠨ ᠤ ᠮᠥᠨ ᠦᠶ᠎ᠡ ᠡᠴᠡ 431.5︵23.8%︶ ᠮᠢᠩᠭᠠᠨ ᠲᠥᠭᠥᠷᠢᠭ ᠢᠶᠡᠷ᠂ ᠡᠮᠦᠨᠡᠬᠢ ᠤᠯᠠᠷᠢᠯ ᠠᠴᠠ 237.1︵11.8%︶ ᠮᠢᠩᠭᠠᠨ ᠲᠥᠭᠥᠷᠢᠭ ᠢᠶᠡᠷ ᠨᠡᠮᠡᠭᠳᠡᠵᠡᠢ᠃
ᠡᠭᠦᠨ ᠳᠦ ᠴᠠᠯᠢᠩ ᠬᠥᠯᠦᠰᠦᠨ ᠦ ᠣᠷᠣᠯᠭ᠎ᠠ 365.8︵41.9%︶ᠮᠢᠩᠭᠠᠨ ᠲᠥᠭᠥᠷᠢᠭ ᠢᠶᠡᠷ ᠨᠡᠮᠡᠭᠳᠡᠭᠰᠡᠨ ᠨᠢ ᠨᠥᠯᠦᠭᠡᠯᠡᠭᠰᠡᠨ ᠪᠠᠶᠢᠨ᠎ᠠ᠃ ᠤᠯᠤᠰ ᠤᠨ ᠳᠤᠮᠳᠠᠴᠢ ᠪᠠᠷ ᠡᠷᠦᠬᠡ ᠶᠢᠨ ᠰᠠᠷ᠎ᠠ ᠶᠢᠨ ᠳᠤᠮᠳᠠᠴᠢ ᠮᠥᠩᠭᠥᠨ ᠣᠷᠣᠯᠭ᠎ᠠ ᠳᠤ ᠴᠠᠯᠢᠩ ᠬᠥᠯᠦᠰᠦᠨ ᠦ ᠣᠷᠣᠯᠭ᠎ᠠ ᠶᠢᠨ ᠡᠵᠡᠯᠡᠬᠦ ᠬᠤᠪᠢ ᠡᠮᠦᠨᠡᠬᠢ ᠣᠨ ᠤ ᠮᠥᠨ ᠦᠶ᠎ᠡ ᠡᠴᠡ 6.3 ᠨᠢᠭᠡᠴᠡ ᠬᠤᠪᠢ ᠪᠠᠷ᠂ ᠬᠥᠳᠡᠭᠡ ᠠᠵᠤ ᠠᠬᠤᠢ ᠶᠢᠨ ᠪᠤᠰᠤ ᠦᠢᠯᠡᠳᠪᠦᠷᠢᠯᠡᠯ᠂ ᠦᠢᠯᠡᠴᠢᠯᠡᠭᠡᠨ ᠦ ᠣᠷᠣᠯᠭ᠎ᠠ ᠶᠢᠨ ᠡᠵᠡᠯᠡᠬᠦ ᠬᠤᠪᠢ 0.1 ᠨᠢᠭᠡᠴᠡ ᠬᠤᠪᠢ ᠪᠠᠷ ᠨᠡᠮᠡᠭᠳᠡᠵᠦ᠂ ᠬᠠᠷᠢᠨ ᠲᠡᠳᠬᠦᠪᠦᠷᠢ᠂ ᠲᠡᠳᠬᠦᠮᠵᠢ ᠶᠢᠨ ᠣᠷᠣᠯᠭ᠎ᠠ ᠶᠢᠨ ᠡᠵᠡᠯᠡᠬᠦ ᠬᠤᠪᠢ 1.7 ᠨᠢᠭᠡᠴᠡ ᠬᠤᠪᠢ ᠪᠠᠷ᠂ ᠬᠥᠳᠡᠭᠡ ᠠᠵᠤ ᠠᠬᠤᠢ ᠶᠢᠨ ᠦᠢᠯᠡᠳᠪᠦᠷᠢᠯᠡᠯ ᠦᠨ ᠣᠷᠣᠯᠭ᠎ᠠ ᠶᠢᠨ ᠡᠵᠡᠯᠡᠬᠦ ᠬᠤᠪᠢ 2.5 ᠨᠢᠭᠡᠴᠡ ᠬᠤᠪᠢ ᠪᠠᠷ᠂ ᠪᠤᠰᠤᠳ ᠣᠷᠣᠯᠭ᠎ᠠ ᠶᠢᠨ ᠡᠵᠡᠯᠡᠬᠦ ᠬᠤᠪᠢ 2.2 ᠨᠢᠭᠡᠴᠡ ᠬᠤᠪᠢ ᠪᠠᠷ ᠪᠠᠭᠤᠷᠠᠭᠰᠠᠨ ᠪᠠᠶᠢᠨ᠎ᠠ᠃