ᠵᠠᠰᠠᠭ ᠤᠨ ᠭᠠᠵᠠᠷ ᠤᠨ ᠬᠤᠷᠠᠯᠳᠤᠭᠠᠨ ᠢᠶᠠᠷ ᠭᠡᠷ ᠪᠦᠯᠢ᠂ ᠬᠡᠦᠬᠡᠳ ᠦᠨ ᠠᠰᠠᠭᠤᠳᠠᠯ ᠬᠠᠷᠢᠭᠤᠴᠠᠭᠰᠠᠨ ᠰᠢᠭᠦᠬᠦ ᠶᠢ ᠠᠩᠬ᠎ᠠ ᠤᠳᠠᠭ᠎ᠠ ᠪᠠᠶᠢᠭᠤᠯᠬᠤ ᠠᠰᠠᠭᠤᠳᠠᠯ ᠢ ᠬᠡᠯᠡᠯᠴᠡᠵᠡᠢ᠃
ᠡᠨᠡ ᠲᠤᠬᠠᠢ ᠬᠠᠤᠯᠢ ᠵᠦᠢ᠂ ᠳᠣᠲᠣᠭᠠᠳᠤ ᠬᠡᠷᠡᠭ ᠦᠨ ᠰᠠᠶᠢᠳ ᠪ∙ᠡᠩᠬᠡᠪᠠᠶᠠᠷ᠄ ᠭᠡᠷ ᠪᠦᠯᠢ᠂ ᠬᠡᠦᠬᠡᠳ ᠦᠨ ᠠᠩᠬᠠᠨ ᠪᠣᠯᠤᠨ ᠳᠠᠪᠠᠵᠤ ᠵᠠᠭᠠᠯᠳᠤᠬᠤ ᠱᠠᠲᠤᠨ ᠤ ᠰᠢᠭᠦᠬᠦ ᠶᠢ ᠤᠯᠠᠭᠠᠨᠪᠠᠭᠠᠲᠤᠷ ᠬᠤᠲᠠ ᠳᠤ ᠪᠠᠶᠢᠭᠤᠯᠤᠨ᠎ᠠ᠃ ᠦᠢᠯᠡ ᠠᠵᠢᠯᠯᠠᠭ᠎ᠠ ᠶᠢ ᠨᠢ 2026 ᠣᠨ ᠤ ᠨᠢᠭᠡᠳᠦᠭᠡᠷ ᠰᠠᠷ᠎ᠠ ᠶᠢᠨ ᠨᠢᠭᠡᠨ ᠡᠴᠡ ᠡᠬᠢᠯᠡᠭᠦᠯᠦᠨ᠎ᠡ᠃ ᠤᠯᠠᠮ ᠢᠶᠠᠷ ᠬᠣᠶᠠᠷ ᠵᠢᠯ ᠦᠨ ᠬᠤᠭᠤᠴᠠᠭᠠᠨ ᠳᠤ ᠪᠠᠶᠢᠷᠢ᠂ ᠰᠢᠭᠦᠭᠴᠢ᠂ ᠰᠢᠭᠦᠭᠴᠢ ᠶᠢᠨ ᠲᠤᠰᠠᠯᠠᠬᠤ ᠭᠡᠰᠡᠨ ᠨᠠᠷᠢᠨ ᠮᠡᠷᠭᠡᠵᠢᠯ ᠦᠨ ᠬᠦᠮᠦᠰ ᠢ ᠪᠡᠯᠡᠳᠬᠡᠬᠦ ᠬᠤᠪᠢᠯᠪᠤᠷᠢ ᠶᠢ ᠳᠡᠪᠰᠢᠭᠦᠯᠵᠦ ᠪᠠᠶᠢᠨ᠎ᠠ᠃ ᠢᠩᠭᠢᠪᠡᠯ ᠰᠢᠭᠦᠬᠦ ᠰᠠᠯᠪᠤᠷᠢ ᠶᠢᠨ ᠵᠣᠬᠢᠶᠠᠮᠠᠯ ᠬᠡᠷᠡᠭ ᠦᠨ ᠠᠴᠢᠶᠠᠯᠠᠯ 40 ᠬᠤᠪᠢ ᠪᠠᠷ ᠪᠠᠭᠤᠷᠠᠨ᠎ᠠ ᠭᠡᠵᠦ ᠦᠵᠡᠵᠦ ᠪᠠᠶᠢᠭ᠎ᠠ ᠭᠡᠯᠡ᠃