2023 ᠣᠨ ᠤ ᠰᠢᠷᠡᠭᠡᠨ ᠦ ᠲᠧᠨᠨᠢᠰ ᠤᠨ ᠤᠯᠤᠰ ᠤᠨ ᠠᠪᠤᠷᠭᠤ ᠰᠢᠯᠭᠠᠷᠠᠭᠤᠯᠬᠤ 58 ᠳ᠋ᠤᠭᠠᠷ ᠤᠳᠠᠭ᠎ᠠ ᠶᠢᠨ ᠨᠠᠰᠤᠨ ᠳᠤ ᠬᠦᠷᠦᠭᠰᠡᠳ ᠦᠨ ᠲᠡᠮᠡᠴᠡᠭᠡᠨ ᠳᠤᠮᠳᠠᠭᠤᠪᠢ ᠠᠶᠢᠮᠠᠭ ᠤᠨ ᠮᠠᠨᠳᠠᠯᠭᠣᠪᠢ ᠬᠤᠲᠠ ᠳᠤ ᠡᠬᠢᠯᠡᠵᠡᠢ᠃ ᠲᠡᠮᠡᠴᠡᠭᠡᠨ ᠳᠦ 9 ᠺᠯᠦ᠋ᠪ᠂ ᠡᠮᠦᠨᠡᠭᠣᠪᠢ᠂ ᠡᠷᠳᠡᠨᠢᠲᠦ᠂ ᠳᠤᠮᠳᠠᠭᠤᠪᠢ ᠠᠶᠢᠮᠠᠭ ᠤᠨ ᠡᠷᠡᠭᠲᠡᠢ 16 ᠪᠠᠭ ᠤᠨ 60 ᠲᠠᠮᠢᠷᠴᠢᠨ᠂ ᠡᠮᠡᠭᠲᠡᠢ 8 ᠪᠠᠭ ᠤᠨ 32 ᠲᠠᠮᠢᠷᠴᠢᠨ ᠣᠷᠣᠯᠴᠠᠵᠤ ᠪᠠᠶᠢᠭ᠎ᠠ ᠶᠢᠨ ᠳᠤᠮᠳᠠ ᠣᠯᠠᠨ ᠤᠯᠤᠰ ᠤᠨ ᠬᠡᠮᠵᠢᠶᠡᠨ ᠦ ᠮᠠᠰᠲ᠋ᠸᠷ 12᠂ ᠰᠫᠣᠷᠲ ᠤᠨ ᠮᠠᠰᠲ᠋ᠸᠷ 47 ᠪᠠᠶᠢᠨ᠎ᠠ᠃
ᠲᠡᠮᠡᠴᠡᠭᠡᠨ ᠦ ᠶᠡᠷᠦᠩᠬᠡᠢ ᠰᠢᠭᠦᠭᠴᠢ ᠪᠡᠷ ᠣᠯᠠᠨ ᠤᠯᠤᠰ ᠤᠨ ᠬᠡᠮᠵᠢᠶᠡᠨ ᠦ ᠰᠢᠭᠦᠭᠴᠢ ᠵ ∙ ᠪᠣᠯᠣᠳ᠂ ᠨᠠᠷᠢᠨ ᠪᠢᠴᠢᠭ ᠦᠨ ᠳᠠᠷᠤᠭ᠎ᠠ ᠪᠠᠷ ᠣᠯᠠᠨ ᠤᠯᠤᠰ ᠤᠨ ᠬᠡᠮᠵᠢᠶᠡᠨ ᠦ ᠰᠢᠭᠦᠭᠴᠢ ᠳ ∙ ᠲᠦᠮᠡᠨ-ᠥᠯᠵᠡᠢ ᠨᠠᠷ ᠠᠵᠢᠯᠯᠠᠵᠤ ᠪᠠᠶᠢᠨ᠎ᠠ᠃ ᠲᠡᠮᠡᠴᠡᠭᠡᠨ 10 ᠳ᠋ᠤᠭᠠᠷ ᠰᠠᠷ᠎ᠠ ᠶᠢᠨ 28 ᠬᠦᠷᠲᠡᠯ᠎ᠡ ᠦᠷᠭᠦᠯᠵᠢᠯᠡᠵᠡᠢ᠃