ᠵᠣᠬᠢᠶᠠᠯᠴᠢ ᠪ ∙ ᠯᠾᠬᠠᠪᠠᠰᠦ᠋ᠷᠤᠩ ᠦᠨ ᠪᠦᠲᠦᠭᠡᠯ《ᠲᠠᠮᠠᠭ᠎ᠠ ᠦᠭᠡᠢ ᠲᠥᠷᠥ》ᠵᠦᠴᠦᠭᠡ ᠶᠢ ᠯᠣᠨᠳᠣᠨ ᠬᠣᠲᠠ ᠶᠢᠨ West End ᠦᠨ ᠺᠣᠯᠢᠽᠧᠢ ᠲᠢᠶᠠᠲ᠋ᠷ ᠲᠤ ᠨᠠᠶᠢᠷᠠᠭᠤᠯᠤᠭᠴᠢ ᠪ∙ᠪᠠᠭᠠᠲᠤᠷ ᠤᠨ ᠰᠢᠨᠡᠴᠢᠯᠡᠭᠰᠡᠨ ᠨᠠᠶᠢᠷᠠᠭᠤᠯᠭ᠎ᠠ ᠪᠠᠷ《ᠮᠣᠩᠭᠣᠯ ᠬᠠᠭᠠᠨ》 ᠨᠡᠷ᠎ᠡ ᠲᠡᠢ ᠪᠡᠷ ᠠᠷᠪᠠᠨ ᠨᠢᠭᠡᠳᠦᠭᠡᠷ ᠰᠠᠷ᠎ᠠ ᠶᠢᠨ ᠠᠷᠪᠠᠨ ᠳᠤᠯᠤᠭᠠᠨ ᠡᠴᠡ ᠲᠤᠭᠯᠠᠨ᠎ᠠ᠃
ᠬᠠᠮᠤᠭ ᠤᠨ ᠲᠣᠮᠣ ᠪᠤᠶᠤ 2359 ᠰᠠᠭᠤᠳᠠᠯ ᠲᠠᠢ ᠲᠠᠩᠬᠢᠮ ᠳᠤ ᠪᠣᠯᠬᠤ ᠤᠭ ᠲᠣᠭᠯᠠᠯᠲᠠ ᠶᠢᠨ ᠪᠡᠯᠡᠳᠬᠡᠯ ᠢ ᠮᠣᠩᠭᠣᠯ᠂ ᠪᠷᠢᠲ᠋ᠠᠨ ᠦ ᠫᠷᠣᠳᠢᠶᠦ᠋ᠰᠧᠷ ᠤᠳ᠂ ᠮᠠᠷᠺᠧᠲ᠋ᠢᠩ ᠤᠨ ᠪᠠᠭ᠂ ᠤᠷᠠᠨ ᠪᠦᠲᠦᠭᠡᠯᠴᠢᠳ 100 ᠭᠠᠷᠤᠢ ᠬᠦᠮᠦᠨ ᠦ ᠪᠦᠷᠢᠯᠳᠦᠬᠦᠨ ᠲᠡᠢ ᠪᠠᠭ ᠬᠠᠩᠭᠠᠨ ᠠᠵᠢᠯᠯᠠᠵᠤ ᠪᠠᠶᠢᠨ᠎ᠠ᠃ ᠤᠭ ᠵᠦᠴᠦᠭᠡ 12 ᠳ᠋ᠤᠭᠠᠷ ᠰᠠᠷ᠎ᠠ ᠶᠢᠨ 2 ᠢ ᠳᠠᠭᠤᠰᠲᠠᠯ᠎ᠠ ᠣᠯᠠᠨ ᠤ ᠬᠦᠷᠲᠡᠭᠡᠯ ᠪᠣᠯᠤᠨ᠎ᠠ᠃