ᠤᠯᠤᠰ ᠤᠨ ᠶᠡᠬᠡ ᠬᠤᠷᠠᠯ 2024 ᠣᠨ ᠤ ᠲᠥᠰᠥᠪ ᠦᠨ ᠲᠥᠰᠥᠯ ᠢ ᠬᠡᠯᠡᠯᠴᠡᠵᠦ ᠪᠠᠶᠢᠨ᠎ᠠ᠃
ᠡᠨᠡ ᠦᠶ᠎ᠡ ᠪᠡᠷ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠰᠠᠶᠢᠳ ᠪ ∙ ᠪᠠᠲᠤᠡᠷᠳᠡᠨᠢ ᠢᠷᠡᠬᠦ ᠣᠨ ᠳᠤ ᠡᠭᠦᠯᠡᠨ ᠳᠦ ᠨᠥᠯᠦᠭᠡᠯᠡᠵᠦ ᠪᠣᠷᠣᠭ᠎ᠠ ᠣᠷᠣᠭᠤᠯᠬᠤ ᠳᠤ ᠬᠡᠳᠦᠨ ᠲᠥᠭᠥᠷᠢᠭ ᠲᠥᠰᠥᠪᠯᠡᠵᠦ ᠪᠠᠶᠢᠭ᠎ᠠ ᠲᠤᠬᠠᠢ ᠵ ∙ ᠪᠠᠲᠤᠵᠢᠷᠭᠠᠯ ᠭᠡᠰᠢᠭᠦᠨ ᠦ ᠠᠰᠠᠭᠤᠯᠲᠠ ᠳᠤ᠄ 2022 ᠣᠨ ᠤ ᠳᠥᠷᠪᠡᠳᠦᠭᠡᠷ ᠰᠠᠷ᠎ᠠ ᠠᠴᠠ ᠡᠭᠦᠯᠡ ᠫᠤᠤᠳᠠᠵᠤ ᠡᠬᠢᠯᠡᠭᠰᠡᠨ᠃1.4 ᠲᠡᠷᠪᠤᠮ ᠲᠥᠭᠥᠷᠢᠭ ᠵᠠᠷᠤᠴᠠᠭᠤᠯᠤᠭᠰᠠᠨ᠃ ᠢᠷᠡᠬᠦ ᠣᠨ ᠳᠤ 1.5 ᠲᠡᠷᠪᠤᠮ ᠢ ᠵᠠᠷᠤᠴᠠᠭᠤᠯᠤᠨ᠎ᠠ᠃ ᠡᠭᠦᠪᠡᠷ 800 ᠣᠷᠴᠢᠮ ᠫᠤᠤᠵᠢᠩ ᠬᠤᠳᠠᠯᠳᠤᠨ ᠠᠪᠳᠠᠭ᠃ 1100-1200 ᠣᠷᠴᠢᠮ ᠫᠤᠤᠵᠢᠩ ᠱᠠᠭᠠᠷᠳᠠᠯᠭ᠎ᠠ ᠲᠠᠢ ᠪᠠᠶᠢᠳᠠᠭ᠃ ᠬᠠᠪᠤᠷ ᠡᠷᠲᠡ ᠡᠭᠦᠯᠡ ᠪᠤᠤᠳᠠᠬᠤ ᠨᠢ ᠢᠯᠡᠭᠦᠦ ᠦᠷ᠎ᠡ ᠳ᠋ᠦᠩ ᠲᠡᠢ ᠪᠠᠶᠢᠳᠠᠭ ᠶᠤᠮ ᠪᠢᠯᠡ ᠭᠡᠪᠡ᠃