ᠪᠠᠶᠠᠨ-ᠥᠯᠥᠭᠡᠢ ᠠᠶᠢᠮᠠᠭ ᠤᠨ︽ᠥᠯᠥᠭᠡᠢ︾ᠨᠢᠰᠬᠦ ᠪᠠᠭᠤᠳᠠᠯ ᠥᠩᠭᠡᠷᠡᠭᠰᠡᠨ ᠰᠠᠷ᠎ᠠ ᠶᠢᠨ 30 ᠤ ᠡᠳᠦᠷ ᠦᠨ ᠪᠠᠶᠢᠳᠠᠯ ᠢᠶᠠᠷ 364 ᠨᠢᠰᠦᠯᠭᠡ ᠬᠦᠯᠢᠶᠡᠨ ᠠᠪᠴᠠᠢ᠃ ᠡᠨᠡ ᠨᠢ ᠲᠠᠬᠤᠯ ᠤᠨ ᠡᠮᠦᠨᠡᠬᠢ 2019 ᠣᠨ ᠲᠠᠢ ᠬᠠᠷᠢᠴᠠᠭᠤᠯᠬᠤ ᠳᠤ 31 ᠨᠢᠰᠦᠯᠭᠡ ᠪᠡᠷ᠂ 2020 ᠣᠨ ᠤ ᠬᠢ ᠠᠴᠠ 97᠂ 2021 ᠣᠨ ᠤ ᠬᠢ ᠠᠴᠠ 168᠂ ᠥᠩᠭᠡᠷᠡᠭᠰᠡᠨ ᠣᠨ ᠤ ᠬᠢ ᠠᠴᠠ 32 ᠨᠢᠰᠦᠯᠭᠡ ᠪᠡᠷ ᠨᠡᠮᠡᠭᠳᠡᠭᠰᠡᠨ ᠦᠵᠡᠭᠦᠯᠦᠯᠲᠡ ᠶᠤᠮ᠃
ᠲᠠᠰᠢᠷᠠᠮ ᠳᠤ ᠰᠠᠨᠠᠭᠤᠯᠬᠤ ᠳᠤ᠂ ᠮᠣᠩᠭᠣᠯ ᠤᠯᠤᠰ ᠤᠨ ᠵᠠᠰᠠᠭ ᠤᠨ ᠭᠠᠵᠠᠷ ᠤᠨ 1996 ᠣᠨ ᠤ 58 ᠳ᠋ᠤᠭᠠᠷ ᠲᠣᠭᠲᠠᠭᠠᠯ ᠢᠶᠠᠷ︽ᠥᠯᠥᠭᠡᠢ︾ᠨᠢᠰᠬᠦ ᠪᠠᠭᠤᠳᠠᠯ ᠢ ᠣᠯᠠᠨ ᠤᠯᠤᠰ ᠤᠨ ᠰᠲ᠋ᠠᠲ᠋ᠦ᠋ᠰ ᠲᠠᠢ ᠪᠣᠯᠭᠠᠵᠤ᠂ 2004 ᠣᠨ ᠳᠦ ᠨᠢᠰᠬᠦ ᠪᠠᠭᠤᠳᠠᠯ ᠤᠨ ᠰᠢᠨ᠎ᠡ ᠴᠣᠭᠴᠠᠯᠠᠪᠤᠷᠢ᠂ 2012 ᠣᠨ ᠳᠤ 100 ᠬᠦᠮᠦᠨ ᠦ ᠰᠠᠭᠤᠳᠠᠯ ᠪᠦᠬᠦᠢ ᠣᠩᠭᠣᠴᠠ ᠬᠦᠭᠡᠷᠴᠦ ᠪᠠᠭᠤᠬᠤ ᠵᠤᠷᠪᠤᠰ ᠢ ᠲᠤᠰ ᠲᠤᠰ ᠠᠰᠢᠭᠯᠠᠯᠲᠠ ᠳᠤ ᠣᠷᠣᠭᠤᠯᠤᠭᠰᠠᠨ ᠶᠤᠮ᠃