ᠮᠠᠨ ᠤ ᠤᠯᠤᠰ ᠲᠠᠢᠯᠠᠨᠳ᠋ ᠤᠨ ᠠᠶᠠᠯᠠᠯ ᠵᠢᠭᠤᠯᠴᠢᠯᠠᠯ ᠤᠨ ᠨᠢᠭᠡ ᠲᠥᠪ ᠫᠦᠺᠧᠲ ᠠᠷᠠᠯ ᠤᠨ ᠲᠥᠪ ᠬᠣᠲᠠ ᠫᠦᠺᠧᠲ ᠲᠦ ᠺᠤᠨᠰᠦ᠋ᠯ ᠤᠨ ᠭᠠᠵᠠᠷ ᠢᠶᠠᠨ ᠨᠡᠭᠡᠭᠡᠯ᠎ᠡ᠃ ᠺᠤᠨᠰᠦ᠋ᠯ ᠤᠨ ᠭᠠᠵᠠᠷ ᠨᠢ ᠫᠠᠲ᠋ᠤᠩ ᠳᠡᠭᠦᠷᠭᠡ ᠶᠢᠨ ᠰᠣᠢ ᠪᠠᠩᠯᠠ ᠳ᠋ᠡᠬᠢ ᠭᠢᠭ ᠵᠣᠴᠢᠳ ᠪᠠᠭᠤᠳᠠᠯ ᠳᠤ ᠪᠠᠶᠢᠷᠢᠯᠠᠬᠤ ᠪᠥᠭᠡᠳ ᠡᠷᠭᠦᠮᠵᠢᠲᠦ ᠺᠤᠨᠰᠦ᠋ᠯ ᠢᠶᠠᠷ ᠥᠩᠭᠡᠷᠡᠭᠰᠡᠨ ᠨᠠᠢ᠌ᠮᠠᠳᠤᠭᠠᠷ ᠰᠠᠷ᠎ᠠ ᠳᠤ ᠨᠠᠲ᠋ᠲ᠋ᠠᠹᠣᠨ ᠹᠠᠨᠲ᠋ᠠᠾᠠᠺᠢᠶᠠᠲᠹᠠᠰᠷᠡᠨ ᠲᠣᠮᠢᠯᠠᠭᠳᠠᠵᠠᠢ᠃
ᠺᠤᠨᠰᠦ᠋ᠯ ᠤᠨ ᠭᠠᠵᠠᠷ ᠨᠢ ᠫᠦᠺᠧᠲ ᠪᠣᠯᠤᠨ ᠲᠡᠭᠦᠨ ᠦ ᠵᠡᠷᠭᠡᠯᠡᠳᠡᠭᠡ ᠮᠤᠵᠢ ᠨᠤᠭᠤᠳ ᠲᠤ ᠵᠣᠴᠢᠯᠠᠨ ᠣᠴᠢᠬᠤ ᠮᠣᠩᠭᠣᠯᠴᠤᠳ ᠲᠤ ᠲᠤᠰᠠᠯᠠᠬᠤ ᠡᠭᠦᠷᠭᠡ ᠲᠡᠢ ᠃ ᠢᠷᠡᠬᠦ ᠰᠠᠷ᠎ᠠ ᠳᠤ ᠫᠦᠺᠧᠲ-ᠤᠯᠠᠭᠠᠨᠪᠠᠭᠠᠲᠤᠷ ᠴᠢᠭᠯᠡᠯ ᠳᠦ ᠳᠣᠯᠣᠭ᠎ᠠ ᠬᠣᠨᠣᠭ ᠲᠤᠲᠤᠮ ᠤᠨ ᠨᠢᠰᠦᠯᠭᠡ ᠦᠢᠯᠡᠳᠴᠦ ᠡᠬᠢᠯᠡᠬᠦ ᠪᠡᠷ ᠲᠥᠯᠥᠪᠯᠡᠵᠦ ᠪᠠᠶᠢᠭ᠎ᠠ ᠪᠥᠭᠡᠳ ᠲᠤᠰ ᠠᠷᠠᠯ ᠢᠷᠡᠬᠦ ᠣᠨ ᠳᠤ 15 ᠮᠢᠩᠭ᠎ᠠ ᠣᠷᠴᠢᠮ ᠮᠣᠩᠭᠣᠯ ᠵᠢᠭᠤᠯᠴᠢᠨ ᠬᠦᠯᠢᠶᠡᠵᠦ ᠠᠪᠬᠤ ᠪᠠᠷ ᠲᠥᠯᠥᠪᠯᠡᠵᠦ ᠪᠠᠶᠢᠭ᠎ᠠ ᠭᠡᠨ᠎ᠡ᠃