ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠭ ∙ᠠᠮᠤᠷᠲᠦ᠋ᠪᠰᠢᠨ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠠᠴᠠ ᠮᠣᠩᠭᠣᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠱᠧᠨ ᠮᠢᠨ ᠵᠢᠤᠸᠠᠨ ᠢ ᠥᠨᠥᠳᠥᠷ ᠬᠦᠯᠢᠶᠡᠨ ᠠᠪᠴᠤ ᠠᠭᠤᠯᠵᠠᠨ ᠢᠲᠡᠭᠡᠮᠵᠢᠯᠡᠬᠦ ᠵᠢᠭᠤᠬᠤ ᠪᠢᠴᠢᠭ ᠦᠨ ᠬᠤᠪᠢ ᠶᠢ ᠬᠦᠯᠢᠶᠡᠨ ᠠᠪᠤᠪᠠ᠃
ᠮᠣᠩᠭᠣᠯ᠂ ᠬᠢᠲᠠᠳ ᠤᠨ ᠢᠵᠢ ᠪᠦᠷᠢᠨ ᠰᠲᠷᠠᠲ᠋ᠧᠭᠢ ᠶᠢᠨ ᠲᠦᠩᠰᠢᠯᠡᠯ ᠦᠨ ᠬᠠᠷᠢᠯᠴᠠᠭ᠎ᠠ ᠶᠢ ᠤᠯᠠᠮ ᠡᠷᠴᠢᠮᠵᠢᠭᠦᠯᠵᠦ᠂ ᠬᠣᠶᠠᠷ ᠤᠯᠤᠰ ᠤᠨ ᠲᠥᠷᠥ ᠶᠢᠨ ᠲᠡᠷᠢᠭᠦᠨ ᠨᠠᠷ ᠤᠨ ᠲᠦᠪᠰᠢᠨ ᠳᠦ ᠨᠢᠭᠡᠳᠦᠭᠰᠡᠨ ᠣᠶᠢᠯᠠᠭᠠᠯᠴᠠᠯ ᠳᠤ ᠬᠦᠷᠦᠭᠰᠡᠨ ᠠᠵᠢᠯ ᠤᠳ ᠢ ᠪᠣᠳᠠᠲᠤ ᠠᠵᠢᠯ ᠬᠡᠷᠡᠭ ᠪᠣᠯᠭᠠᠬᠤ᠂ ᠬᠣᠶᠠᠷ ᠤᠯᠤᠰ ᠤᠨ ᠬᠥᠭᠵᠢᠯ ᠦᠨ ᠪᠣᠳᠣᠯᠭ᠎ᠠ ᠶᠢ ᠬᠠᠷᠢᠯᠴᠠᠨ ᠤᠶᠠᠯᠳᠤᠭᠤᠯᠤᠨ ᠬᠥᠭᠵᠢᠭᠦᠯᠬᠦ ᠳᠦ ᠰᠢᠨ᠎ᠡ ᠡᠯᠴᠢᠨ ᠰᠠᠶᠢᠳ ᠲᠠᠢ ᠨᠢᠭᠲᠠ ᠬᠠᠮᠲᠤᠷᠠᠨ ᠠᠵᠢᠯᠯᠠᠬᠤ ᠳᠤ ᠪᠡᠯᠡᠨ ᠪᠠᠶᠢᠭ᠎ᠠ ᠪᠠᠨ ᠭ ∙ᠠᠮᠤᠷᠲᠦ᠋ᠪᠰᠢᠨ ᠢᠯᠡᠷᠬᠡᠶᠢᠯᠡᠵᠦ᠂ ᠠᠵᠢᠯ ᠤᠨ ᠥᠨᠳᠥᠷ ᠠᠮᠵᠢᠯᠲᠠ ᠬᠦᠰᠡᠪᠡ᠃
ᠡᠯᠴᠢᠨ ᠰᠠᠶᠢᠳ ᠱᠧᠨ ᠮᠢᠨ ᠵᠢᠤᠸᠠᠨ ᠮᠣᠩᠭᠣᠯ ᠤᠯᠤᠰ ᠲᠤ ᠰᠠᠭᠤᠭᠰᠠᠨ ᠦᠶ᠎ᠡ ᠦᠶ᠎ᠡ ᠶᠢᠨ ᠡᠯᠴᠢᠨ ᠰᠠᠶᠢᠳ ᠨᠠᠷ ᠤᠨ ᠵᠠᠯᠭᠠᠮᠵᠢ ᠬᠠᠯᠠᠭ᠎ᠠ ᠶᠢ ᠨᠡᠷ᠎ᠡ ᠲᠥᠷᠥ ᠲᠡᠢ ᠪᠡᠷ ᠦᠷᠭᠦᠯᠵᠢᠯᠡᠭᠦᠯᠵᠦ᠂ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠬᠥᠭᠵᠢᠭᠦᠯᠵᠦ᠂ ᠰᠢᠨ᠎ᠡ ᠱᠠᠲᠤᠨ ᠳᠤ ᠭᠠᠷᠭᠠᠬᠤ ᠴᠢᠭᠯᠡᠯ ᠢᠶᠡᠷ ᠬᠢᠴᠢᠶᠡᠯ ᠵᠢᠳᠬᠦᠯ ᠭᠠᠷᠭᠠᠨ ᠠᠵᠢᠯᠯᠠᠬᠤ ᠪᠠᠨ ᠢᠯᠡᠷᠬᠡᠶᠢᠯᠡᠪᠡ᠃