ᠮᠣᠩᠭᠣᠯ ᠤᠯᠤᠰ ᠤᠨ ᠶᠡᠷᠦᠩᠬᠡᠢ ᠰᠠᠶᠢᠳ ᠯ∙ᠤᠶᠤᠡᠡᠷᠳᠡᠨᠢ ᠰᠡᠯᠡᠩᠭᠡ ᠠᠶᠢᠮᠠᠭ ᠲᠤ ᠠᠵᠢᠯᠯᠠᠵᠤ᠂ ᠠᠯᠲᠠᠨᠪᠤᠯᠠᠭ ᠪᠣᠭᠣᠮᠲᠠ ᠶᠢᠨ ᠥᠷᠭᠡᠳᠬᠡᠯ ᠰᠢᠨᠡᠴᠢᠯᠡᠯ᠂ ᠠᠯᠲᠠᠨᠪᠤᠯᠠᠭ ᠴᠢᠯᠦᠭᠡᠲᠦ ᠪᠥᠰᠡ ᠶᠢᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃ ᠠᠽᠢ ᠶᠢᠨ ᠬᠦᠭᠵᠢᠯ ᠦᠨ ᠪᠠᠩᠭᠢᠨ ᠤ ᠰᠠᠩᠬᠦᠦᠵᠢᠯᠲᠡ ᠪᠡᠷ ᠲᠤᠰ ᠪᠣᠭᠣᠮᠲᠠ ᠶᠢ ᠥᠷᠭᠡᠳᠬᠡᠵᠦ᠂ ᠵᠣᠷᠴᠢᠭᠴᠢ ᠲᠡᠭᠡᠭᠡᠪᠦᠷᠢ ᠶᠢᠨ 19᠂ ᠠᠴᠢᠶ᠎ᠠ ᠲᠡᠭᠡᠭᠡᠪᠦᠷᠢ ᠶᠢᠨ 18᠂ ᠳᠡᠳ᠋ ᠪᠦᠲᠦᠴᠡ ᠶᠢᠨ 5 ᠪᠠᠷᠢᠯᠭ᠎ᠠ᠂ ᠢᠵᠢ ᠪᠦᠷᠢᠨ ᠢᠨᠵᠧᠨᠧᠷ ᠦᠨ ᠱᠤᠭᠤᠮ ᠰᠦᠯᠵᠢᠶ᠎ᠡ᠂ ᠨᠣᠭᠣᠭᠠᠨ ᠪᠠᠶᠢᠭᠤᠯᠤᠮᠵᠢ᠂ ᠲᠤᠰᠠᠭᠠᠷᠯᠠᠬᠤ ᠵᠤᠷᠪᠤᠰ ᠪᠦᠬᠦᠢ ᠳᠥᠷᠪᠡᠨ ᠡᠩᠨᠡᠭᠡ 1.7 ᠺᠢᠯᠣᠮᠧᠲ᠋ᠷ ᠤᠷᠲᠤ ᠲᠠᠢ ᠠᠦ᠋ᠲ᠋ᠣ᠋ ᠵᠠᠮ᠂ ᠮᠠᠰᠢᠨ ᠲᠡᠷᠭᠡᠨ ᠦ ᠵᠣᠭᠰᠣᠭᠠᠯ ᠪᠠᠷᠢᠨ᠎ᠠ᠃
ᠠᠴᠢᠶ᠎ᠠ ᠲᠡᠭᠡᠭᠡᠪᠦᠷᠢ ᠶᠢᠨ ᠲᠧᠷᠮᠢᠨᠠᠯ ᠢ ᠢᠷᠡᠬᠦ ᠰᠠᠷ᠎ᠠ ᠶᠢᠨ ᠨᠢᠭᠡᠨ ᠳᠦ ᠪᠦᠷᠢᠨ ᠠᠰᠢᠭᠯᠠᠯᠲᠠ ᠳᠤ ᠣᠷᠣᠭᠤᠯᠤᠨ᠎ᠠ᠃ ᠵᠣᠷᠴᠢᠭᠴᠢ ᠲᠡᠭᠡᠭᠡᠪᠦᠷᠢ ᠶᠢᠨ ᠲᠧᠷᠮᠢᠨᠠᠯ ᠬᠡᠰᠡᠭ ᠢ ᠡᠨᠡ ᠤᠨ ᠳᠤ ᠪᠠᠨ ᠪᠠᠭᠲᠠᠭᠠᠨ ᠠᠰᠢᠭᠯᠠᠯᠲᠠ ᠳᠤ ᠣᠷᠣᠭᠤᠯᠬᠤ ᠪᠠᠷ ᠰᠢᠮᠳᠠᠵᠤ ᠪᠠᠶᠢᠭ᠎ᠠ ᠶᠢ ᠪᠣᠭᠣᠮᠲᠠ ᠶᠢᠨ ᠰᠡᠷᠭᠦᠯᠲᠡ ᠶᠢᠨ ᠦᠨᠳᠦᠰᠦᠨ ᠦ ᠬᠣᠷᠢᠶᠠᠨ ᠤ ᠳᠠᠷᠤᠭ᠎ᠠ ᠪ∙ᠲᠤᠯᠭ᠎ᠠ ᠲᠠᠨᠢᠯᠴᠠᠭᠤᠯᠪᠠ᠃ ᠪᠣᠭᠣᠮᠲᠠ ᠶᠢᠨ ᠰᠢᠨᠡᠴᠢᠯᠡᠯ ᠢ ᠪᠦᠷᠢᠨ ᠬᠢᠭᠰᠡᠨ ᠢᠶᠡᠷ ᠠᠯᠲᠠᠨᠪᠤᠯᠠᠭ ᠪᠣᠭᠣᠮᠲᠠ ᠪᠠᠷ ᠡᠳᠦᠷ ᠲᠦ ᠨᠡᠪᠲᠡᠷᠡᠬᠦ ᠵᠣᠷᠴᠢᠭᠴᠢ ᠶᠢᠨ ᠲᠣᠭ᠎ᠠ 3᠂ ᠠᠴᠢᠶᠠᠨ ᠤ ᠪᠣᠯᠤᠨ ᠰᠠᠭᠤᠳᠠᠯ ᠤᠨ ᠲᠡᠭᠡᠭᠡᠪᠦᠷᠢ ᠶᠢᠨ ᠬᠡᠷᠡᠭᠰᠡᠯ ᠦᠨ ᠲᠣᠭ᠎ᠠ ᠲᠤᠰ ᠪᠦᠷᠢ 4 ᠳᠠᠬᠢᠨ ᠨᠡᠮᠡᠭᠳᠡᠨ᠎ᠡ ᠭᠡᠵᠦ ᠲᠣᠭᠠᠴᠠᠵᠠᠢ᠃
《ᠵᠠᠰᠠᠭ ᠤᠨ ᠭᠠᠵᠠᠷ ᠢᠷᠡᠬᠦ ᠬᠣᠶᠠᠷ ᠵᠢᠯ ᠳᠦ ᠡᠺᠰᠫᠣᠷᠲ ᠤᠨ ᠲᠠᠪᠤᠨ ᠭᠠᠷᠴᠠ ᠲᠠᠢ ᠪᠣᠯᠬᠤ ᠶᠢ ᠵᠣᠷᠢᠵᠤ ᠪᠠᠶᠢᠨ᠎ᠠ᠃ ᠰᠢᠪᠡᠭᠡᠬᠦ᠋ᠷᠡᠩ᠂ ᠪᠢᠴᠢᠭᠲᠦ ᠶᠢᠨ ᠠᠵᠢᠯ ᠢ ᠳᠠᠭᠤᠰᠬᠠᠵᠤ᠂ ᠵᠡᠭᠦᠨᠪᠠᠶᠠᠨ᠂ ᠭᠠᠰᠢᠭᠤᠨᠰᠤᠬᠠᠢᠲᠤ ᠬᠣᠯᠪᠣᠭᠳᠠᠨ᠎ᠠ᠃ ᠵᠠᠮ ᠤᠨ-ᠡᠭᠦᠳᠡ᠂ ᠠᠯᠲᠠᠨᠪᠤᠯᠠᠭ ᠤᠨ ᠸᠠᠭᠣᠨ ᠳ᠋ᠧᠫᠣ ᠳᠡᠭᠡᠷ᠎ᠡ ᠬᠦᠴᠦᠨ ᠴᠢᠳᠠᠯ ᠢ ᠨᠢ ᠨᠡᠮᠡᠬᠦ ᠲᠥᠰᠥᠯ ᠠᠷᠪᠠᠳᠤᠭᠠᠷ ᠰᠠᠷ᠎ᠠ ᠳᠤ ᠳᠠᠭᠤᠰᠤᠨ᠎ᠠ᠃
ᠠᠯᠲᠠᠨᠪᠤᠯᠠᠭ᠂ ᠵᠠᠮ ᠤᠨ -ᠡᠭᠦᠳᠡ ᠶᠢ ᠬᠤᠷᠳᠤᠨ ᠤ ᠵᠠᠮ᠂ ᠲᠡᠮᠦᠷ ᠵᠠᠮ ᠢᠶᠠᠷ᠂ ᠬᠣᠣᠰ ᠴᠠᠷᠢᠭ ᠢᠶᠠᠷ ᠬᠤᠯᠪᠤᠬᠤ ᠲᠠᠯ᠎ᠠ ᠪᠠᠷ ᠬᠢᠲᠠᠳ ᠲᠤ ᠠᠶᠢᠯᠴᠢᠯᠠᠬᠤ ᠦᠶ᠎ᠡ ᠪᠡᠷ ᠢᠶᠡᠨ ᠬᠥᠨᠳᠡᠭᠰᠡᠨ᠃ ᠤᠳᠠᠬᠤ ᠦᠭᠡᠢ ᠣᠷᠣᠰ ᠲᠤ ᠬᠢᠬᠦ ᠠᠶᠢᠯᠴᠢᠯᠠᠯ ᠤᠨ ᠦᠶ᠎ᠡ ᠪᠡᠷ ᠴᠤ ᠡᠨᠡ ᠠᠰᠠᠭᠤᠳᠠᠯ ᠢ ᠶᠠᠷᠢᠨ᠎ᠠ ᠭᠡᠵᠦ ᠶᠡᠷᠦᠩᠬᠡᠢ ᠰᠠᠶᠢᠳ ᠣᠨᠴᠠᠯᠠᠯ᠎ᠠ᠃