ᠯᠠᠦ᠋ᠰ ᠤᠯᠤᠰ ᠤᠨ ᠦᠨᠳᠦᠰᠦᠨ ᠦ ᠠᠰᠰᠠᠮᠪᠯᠧᠢ ᠶᠢᠨ ᠳᠠᠷᠤᠭ᠎ᠠ ᠶᠢ ᠤᠭᠲᠤᠨ ᠠᠪᠤᠯ᠎ᠠ | News.MN

ᠯᠠᠦ᠋ᠰ ᠤᠯᠤᠰ ᠤᠨ ᠦᠨᠳᠦᠰᠦᠨ ᠦ ᠠᠰᠰᠠᠮᠪᠯᠧᠢ ᠶᠢᠨ ᠳᠠᠷᠤᠭ᠎ᠠ ᠶᠢ ᠤᠭᠲᠤᠨ ᠠᠪᠤᠯ᠎ᠠ

ᠤᠯᠤᠰ ᠤᠨ ᠶᠡᠬᠡ ᠬᠤᠷᠠᠯ ᠤᠨ ᠳᠠᠷᠤᠭ᠎ᠠ ᠭ ∙ᠽᠠᠨᠳᠠᠨᠰᠢᠲᠠᠷ᠎ᠠ ᠮᠣᠩᠭᠣᠯ ᠤᠯᠤᠰ ᠲᠤ ᠠᠯᠪᠠᠨ ᠶᠣᠰᠣᠨ ᠤ ᠠᠶᠢᠯᠴᠢᠯᠠᠯ ᠬᠢᠵᠦ ᠪᠤᠢ ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠯᠠᠦ᠋ᠰ ᠠᠷᠠᠳ ᠤᠯᠤᠰ ᠤᠨ ᠦᠨᠳᠦᠰᠦᠨ ᠦ ᠠᠰᠰᠠᠮᠪᠯᠧᠢ ᠶᠢᠨ ᠳᠠᠷᠤᠭ᠎ᠠ ᠰᠠᠶᠢᠰᠤᠮᠫᠣᠨ ᠹᠦᠮᠪᠢᠬᠠᠨ ᠢ ᠥᠨᠥᠳᠥᠷ ᠵᠠᠩᠵᠤᠨ ᠳ∙ᠰᠦᠬᠡᠪᠠᠭᠠᠲᠤᠷ ᠤᠨ ᠲᠠᠯᠠᠪᠠᠢ ᠳᠤ ᠤᠭᠲᠤᠨ ᠠᠪᠤᠯ᠎ᠠ᠃
ᠤᠯᠤᠰ ᠤᠨ ᠶᠡᠬᠡ ᠬᠤᠷᠠᠯ ᠤᠨ ᠳᠠᠷᠤᠭ᠎ᠠ ᠡᠷᠬᠢᠮ ᠵᠣᠴᠢᠨ ᠤ ᠬᠠᠮᠲᠤ ᠶᠡᠬᠡ ᠡᠵᠡᠨ ᠴᠢᠩᠭᠢᠰ ᠬᠠᠭᠠᠨ ᠤ ᠬᠦᠰᠢᠶᠡᠨ ᠳᠦ ᠬᠦᠨᠳᠦᠳᠬᠡᠯ ᠦᠵᠡᠭᠦᠯᠦᠭᠰᠡᠨ ᠦ ᠳᠠᠷᠠᠭ᠎ᠠ ᠲᠥᠷᠥ ᠶᠢᠨ ᠣᠷᠳᠣᠨ ᠤ ᠶᠣᠰᠣᠯᠠᠯ ᠬᠦᠨᠳᠦᠳᠬᠡᠯ ᠦᠨ ᠥᠷᠭᠦᠭᠡᠨ ᠦ ᠪᠠᠭᠠᠨᠠᠲᠤ ᠲᠠᠩᠬᠢᠮ ᠳᠤ ᠰᠠᠲᠤᠨ ᠡᠷᠬᠢᠮᠰᠦᠭ ᠨᠣᠶᠠᠨ ᠰᠠᠶᠢᠰᠤᠮᠫᠣᠨ ᠹᠦᠮᠪᠢᠬᠠᠨ ᠬᠦᠨᠳᠦᠲᠦ ᠵᠣᠴᠢᠨ ᠤ ᠳᠡᠪᠲᠡᠷ ᠲᠦ ᠰᠡᠳᠬᠢᠭᠳᠡᠯ ᠢᠶᠡᠨ ᠦᠯᠡᠳᠡᠭᠡᠨ᠂ ᠭᠠᠷ ᠤᠨ ᠦᠰᠦᠭ ᠵᠢᠷᠤᠪᠠ᠃ ᠡᠭᠦᠨ ᠦ ᠳᠠᠷᠠᠭ᠎ᠠ ᠠᠯᠪᠠᠨ ᠶᠣᠰᠣᠨ ᠤ ᠬᠡᠯᠡᠯᠴᠡᠭᠡ ᠲᠥᠷᠥ ᠶᠢᠨ ᠣᠷᠳᠣᠨ ᠳᠤ ᠡᠬᠢᠯᠡᠯ᠎ᠡ᠃
ᠲᠡᠳᠡ ᠮᠣᠩᠭᠣᠯ᠂ ᠯᠠᠦ᠋ᠰ  ᠤᠨ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ᠂ ᠲᠡᠭᠦᠨ ᠦ ᠳᠣᠲᠣᠷ᠎ᠠ ᠫᠠᠷᠯᠠᠮᠧᠨᠲ ᠬᠣᠭᠣᠷᠣᠨᠳᠣ ᠶᠢᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠵᠦ᠂ ᠣᠯᠠᠨ ᠤᠯᠤᠰ ᠤᠨ ᠲᠠᠪᠴᠠᠩ ᠳ᠋ᠡᠬᠢ ᠬᠠᠮᠲᠤ ᠶᠢᠨ ᠠᠵᠢᠯᠯᠠᠭ᠎ᠠ ᠶᠢ ᠪᠡᠬᠢᠵᠢᠭᠦᠯᠬᠦ᠂ ᠣᠯᠠᠨ ᠤᠯᠤᠰ᠂ ᠪᠥᠰᠡ ᠨᠤᠲᠤᠭ ᠤᠨ ᠬᠠᠷᠢᠯᠴᠠᠨ ᠰᠣᠨᠢᠷᠬᠠᠭᠰᠠᠨ ᠠᠰᠠᠭᠤᠳᠠᠯ ᠤᠳ ᠢᠶᠠᠷ ᠰᠠᠨᠠᠯ ᠰᠣᠯᠢᠯᠴᠠᠬᠤ ᠶᠤᠮ᠃

ᠰᠡᠳᠬᠢᠭᠳᠡᠯ ᠦᠯᠡᠳᠡᠭᠡᠬᠦ